ᠵᠤᠬᠢᠶᠠᠭᠴᠢ:
ᠴᠠᠭ:2019-08-08
ᠥᠵᠡᠭᠰᠡᠨ : ℃
ᠢᠷᠡᠯᠲᠡ:
ᠬᠢᠮᠤᠰᠤ ᠠᠪᠬᠤ ᠶᠢᠨ ᠴᠡᠭᠡᠷ
ᠬᠢᠮᠤᠰᠤ ᠪᠣᠯ ᠬᠦᠮᠦᠨ ᠦ ᠪᠡᠶ᠎ᠡ ᠶᠢᠨ ᠰᠢᠨ᠎ᠡ ᠬᠠᠭᠤᠴᠢᠨ ᠤ ᠰᠣᠯᠢᠯᠴᠠᠭ᠎ᠠ ᠪᠠᠷ ᠬᠠᠶᠠᠭᠳᠠᠬᠤ ᠶᠣᠰᠣᠲᠠᠢ ᠵᠦᠢᠯ ᠪᠣᠯᠬᠤ ᠪᠥᠭᠡᠳ ᠮᠠᠰᠢ ᠶᠠᠬᠡ ᠪᠤᠵᠠᠷ ᠴᠤᠭᠯᠠᠷᠠᠵᠤ᠂ ᠪᠠᠺᠲ᠋ᠧᠷᠢ ᠦᠷᠡᠵᠢᠳᠡᠭ ᠭᠡᠳᠡᠭ ᠢ ᠮᠣᠩᠭᠣᠯᠴᠤᠳ ᠠᠯᠢ ᠡᠷᠲᠡ ᠡᠴᠡ ᠮᠡᠳᠡᠵᠦ ᠨᠤᠲᠠᠯᠠᠭᠰᠠᠨ ᠪᠠᠢᠢᠳᠠᠭ᠃ ᠡᠢᠮᠦ ᠡᠴᠡ ᠬᠢᠮᠤᠰᠤ ᠠᠪᠬᠤ ᠳᠤ ᠮᠠᠰᠢ ᠶᠡᠬᠡ ᠶᠣᠰᠣ ᠵᠠᠶᠠᠭ᠎ᠠ᠂ ᠰᠢᠪᠰᠢᠯᠭᠡ ᠦᠭᠡ ᠲᠠᠢ ᠪᠠᠢᠢᠳᠠᠭ᠃
ᠨᠢᠭᠡ᠂ ᠦᠳᠡᠰᠢ ᠣᠷᠣᠢ ᠬᠢᠮᠤᠰᠤ ᠠᠪᠬᠤ ᠶᠢ ᠴᠡᠭᠡᠷᠯᠡᠳᠡᠭ᠃ ᠦᠳᠡᠰᠢ ᠣᠷᠣᠢ ᠬᠢᠮᠤᠰᠤ ᠠᠪᠤᠪᠠᠯ ᠲᠥᠭᠡᠷᠢᠨ᠎ᠡ ᠭᠡᠬᠦ ᠪᠣᠶᠣ ᠵᠠᠶᠠᠭ᠎ᠠ ᠲᠥᠭᠡᠷᠢᠨ᠎ᠡ ᠭᠡᠳᠡᠭ᠃ ᠡᠨᠡ ᠨᠢ ᠬᠡᠣᠬᠡᠳ ᠪᠠᠭᠠᠴᠤᠳ ᠢ ᠬᠠᠷᠤᠢ ᠪᠦᠷᠦᠢ ᠪᠠᠷ ᠬᠢᠮᠤᠰᠤ ᠪᠠᠨ ᠠᠪᠬᠤ ᠳᠠᠭᠠᠨ ᠮᠢᠬᠠᠳᠤᠭᠤᠯᠬᠤ ᠪᠣᠶᠤ ᠭᠠᠷ ᠬᠤᠷᠤᠭᠤ ᠪᠠᠨ ᠡᠰᠭᠡᠵᠦ ᠰᠢᠷᠠᠭᠳᠤᠭᠤᠯᠬᠤ᠂ ᠠᠶᠠᠭ᠎ᠠ ᠰᠠᠪᠠᠨ ᠳᠤ ᠦᠰᠦᠷᠭᠡᠵᠦ ᠣᠷᠣᠭᠤᠯᠬᠤ ᠠᠴᠠ ᠪᠣᠯᠭᠣᠮᠵᠢᠯᠠᠭᠰᠠᠨ ᠶᠠᠪᠤᠳᠠᠯ ᠪᠣᠯᠣᠨ᠎ᠠ᠃
ᠬᠣᠶᠠᠷ᠂ ᠬᠢᠮᠤᠰᠤ ᠪᠠᠨ ᠠᠪᠬᠤ ᠳᠠᠭᠠᠨ ᠦᠰᠦᠷᠬᠡᠵᠦ ᠬᠠᠢᠴᠢᠯᠠᠬᠤ ᠪᠤᠶᠤ ᠬᠠᠮᠢᠶ᠎ᠠ ᠦᠭᠡᠢ ᠭᠠᠵᠠᠷ ᠬᠠᠶᠠᠬᠤ ᠶᠢ ᠴᠡᠭᠡᠷᠯᠡᠳᠡᠭ᠃ ᠬᠢᠮᠤᠰᠤ ᠶᠢ ᠬᠠᠮᠢᠶ᠎ᠠ ᠦᠭᠡᠢ ᠬᠠᠶᠠᠭᠠᠳ ᠪᠣᠯᠵᠣᠮᠣᠷ ᠢᠳᠡᠵᠦ᠂ ᠬᠢᠮᠤᠰᠤ ᠢᠳᠡᠪᠡᠯ ᠭᠠᠯᠵᠠᠭᠤᠷᠠᠵᠤ ᠦᠬᠦᠳᠡᠭ᠃ ᠭᠠᠯᠵᠠᠭᠤᠷᠠᠵᠤ ᠦᠬᠦᠭᠰᠡᠨ ᠪᠣᠯᠵᠤᠮᠤᠷ ᠢ ᠨᠣᠬᠠᠢ ᠢᠳᠡᠭᠡᠳ ᠨᠣᠬᠠᠢ ᠶᠢᠨ ᠪᠠᠭᠠᠰᠤ ᠰᠢᠭᠡᠰᠦ ᠪᠡᠷ ᠮᠠᠭᠤ ᠵᠦᠢᠯ ( ᠪᠠᠺᠲ᠋ᠧᠷᠢ) ᠭᠠᠳᠠᠭᠰᠢᠯᠠᠨ᠂ ᠡᠪᠡᠰᠦ ᠨᠣᠭᠤᠭ᠎ᠠ ᠪᠤᠵᠠᠷᠲᠤᠵᠤ᠂ ᠮᠠᠯ ᠳᠤ ᠡᠯᠳᠡᠪ ᠵᠦᠢᠯ ᠦᠨ ᠡᠪᠡᠳᠴᠢᠨ ᠪᠣᠶᠤ ᠭᠠᠯᠵᠠᠭᠤ ᠡᠪᠡᠳᠴᠢᠨ ᠭᠠᠷᠤᠨ᠎ᠠ ᠭᠡᠳᠡᠭ᠃ ᠡᠢᠮᠦ ᠡᠴᠡ ᠬᠢᠮᠤᠰᠤ ᠶᠢ ᠬᠣᠷᠮᠣᠢ ᠪᠤᠶᠤ ᠶᠠᠮᠠᠷ ᠨᠢᠭᠡᠨ ᠵᠦᠢᠯ ᠳᠡᠭᠡᠷ᠎ᠡ ᠦᠰᠦᠷᠭᠡᠬᠦ ᠦᠭᠡᠢ ᠴᠡᠪᠡᠷᠬᠡᠨ ᠠᠪᠴᠤ᠂ ᠭᠠᠷ ᠢᠶᠠᠷ ᠢᠶᠠᠨ ᠭᠠᠵᠠᠷ ᠵᠢᠭᠠᠬᠠᠨ ᠬᠣᠩᠬᠣᠢᠯᠠᠭᠠᠳ ᠪᠤᠯᠠᠳᠠᠭ᠃ ᠪᠤᠯᠠᠬᠤ ᠳᠠᠭᠠᠨ ᠪᠠᠰᠠ᠄
《 ᠲᠡᠭᠡ ᠶᠢᠨ ᠡᠪᠡᠷ ᠲᠡᠭᠷᠢ ᠳᠦ ᠲᠤᠯᠵᠤ᠂ ᠲᠡᠮᠡᠭᠡᠨ ᠰᠡᠭᠦᠯ ᠭᠠᠵᠠᠷ ᠲᠤ ᠬᠦᠷᠦᠭᠰᠡᠨ ᠬᠣᠢᠨ᠎ᠠ᠂ ᠮᠣᠷᠢᠨ ᠠᠴᠢᠶ᠎ᠠ ᠲᠠᠢ᠂ ᠬᠣᠨᠢᠨ ᠬᠦᠨᠡᠰᠦ ᠲᠠᠢ ᠢᠷᠡᠵᠦ ᠴᠢᠮᠠᠶᠢ ᠠᠪᠤᠭᠤᠵᠢ》 ᠭᠡᠵᠦ ᠬᠡᠯᠡᠭᠡᠳ ᠪᠤᠯᠠᠳᠠᠭ᠃ ᠡᠨᠡ ᠬᠡᠯᠡᠯᠭᠡ ᠨᠢ ᠴᠤ ᠶᠠᠮᠠᠷ ᠨᠢᠭᠡᠨ ᠮᠠᠭᠤ ᠵᠦᠢᠯ ᠢ ᠡᠶᠡᠷᠡᠭᠦᠯᠵᠦ ᠠᠷᠭᠠᠳᠠᠭᠰᠠᠨ ᠪᠣᠶᠤ ᠡᠰᠡᠭᠦᠯ᠎ᠡ ᠦᠨᠡᠬᠡᠷ ᠲᠡᠳᠡᠭᠡᠷ ᠴᠡᠭᠡᠷ ᠶᠣᠰᠣ᠂ ᠬᠡᠯᠡ ᠬᠡᠯᠡᠯᠭᠡ ᠳᠦ ᠶᠠᠮᠠᠷ ᠨᠢᠭᠡᠨ ᠭᠦᠨ ᠤᠬᠠᠭᠠᠨ ᠨᠢᠭᠤᠭᠳᠠᠵᠤ ᠪᠠᠢᠵᠤ ᠴᠤ ᠪᠣᠯᠵᠣᠰᠢ ᠦᠭᠡᠢ᠃ ᠶᠡᠷᠦᠨᠢ ᠮᠠᠨ ᠤ ᠳᠡᠭᠡᠳᠦᠰ ᠡᠷᠲᠡᠨ ᠡᠴᠡ ᠪᠡᠨ ᠶᠠᠭᠤᠮ᠎ᠠ ᠶᠠᠭᠤᠮᠠᠨ ᠳᠤ ᠶᠡᠬᠡ ᠤᠯᠠ ᠰᠠᠭᠤᠷᠢ ᠲᠠᠢ ᠬᠠᠨᠳᠤᠳᠠᠭ ᠮᠠᠰᠢ ᠵᠦᠩᠴᠢ ᠮᠡᠷᠭᠡᠨ ᠬᠦᠮᠦᠰ ᠪᠠᠢᠵᠤ ᠶᠠᠮᠠᠷ ᠨᠢᠭᠡᠨ ᠬᠡᠯᠡᠭᠰᠡᠨ ᠬᠢᠭᠰᠡᠨ ᠵᠦᠢᠯ ᠨᠢ ᠶᠡᠬᠡ ᠭᠦᠨ ᠤᠬᠠᠭᠠᠨᠴᠢ ᠨᠣᠲᠠᠯᠠᠯᠲᠠ ᠪᠠᠲᠤᠯᠠᠭ᠎ᠠ ᠲᠠᠢ ᠪᠠᠢᠳᠠᠭ ᠲᠤᠯᠠ《 ᠶᠡᠬᠡ ᠬᠦᠮᠦᠨ ᠦ ᠶᠠᠪᠤᠳᠠᠯ ᠢ ᠡᠭᠡᠯ ᠠᠷᠠᠳ ᠱᠦᠭᠦᠳᠡᠭ ᠦᠭᠡᠢ》 ᠭᠡᠳᠡᠭᠴᠢᠯᠡᠨ ᠳᠡᠭᠡᠳᠦᠰ ᠦᠨ ᠴᠡᠭᠡᠷ ᠶᠣᠰᠣᠨ ᠤ ᠲᠤᠬᠠᠢ ᠳᠦᠭᠦᠮ ᠢᠶᠡᠷ ᠲᠠᠢᠯᠪᠤᠷᠢᠯᠠᠬᠤ ᠨᠢ ᠠᠯᠲᠠᠰ ᠪᠣᠯᠬᠤ ᠪᠣᠯᠪᠠᠣ︕
ᠣᠢᠷ᠎ᠠ ᠦᠶ᠎ᠡ ᠳᠦ ᠬᠠᠯᠬ᠎ᠠ ᠳᠤ ᠫᠦᠷᠫᠦ ᠭᠠᠷᠠᠭ ᠲᠤ ᠬᠢᠮᠤᠰᠤ ᠪᠠᠨ ᠠᠪᠤᠪᠠᠯ ᠰᠠᠢᠨ ᠭᠡᠬᠦ ᠪᠣᠶᠣ ᠪᠠᠶᠠᠵᠢᠨ᠎ᠠ ᠭᠡᠳᠡᠭ ᠪᠣᠯᠣᠭᠰᠠᠨ ᠭᠡᠨ᠎ᠡ᠃