ᠵᠤᠬᠢᠶᠠᠭᠴᠢ:
ᠴᠠᠭ:2019-07-26
ᠥᠵᠡᠭᠰᠡᠨ : ℃
ᠢᠷᠡᠯᠲᠡ:
ᠳᠡᠯᠡᠬᠡᠢ ᠳᠡᠭᠡᠷᠡᠬᠢ ᠤᠤᠭᠠᠨ 《 ᠮᠣᠩᠭᠣᠯ ᠤᠨ ᠨᠢᠭᠤᠴᠠ ᠲᠣᠪᠴᠢᠶᠠᠨ 》 ᠦ ᠮᠦᠽᠸᠢ ᠣᠳᠣᠭ ᠬᠤᠰᠢᠭᠤᠨ ᠳᠤ ᠡᠭᠦᠳᠡ ᠪᠡᠨ ᠨᠡᠭᠡᠭᠡᠪᠡ

2019 ᠣᠨ ᠤ 7 ᠳ᠋ᠤᠭᠠᠷ ᠰᠠᠷ᠎ᠠ ᠶᠢᠨ 22 ᠦᠨ ᠡᠳᠦᠷ ᠂ ᠣᠳᠣᠭ ᠬᠤᠰᠢᠭᠤᠨ ᠤ 《 ᠮᠣᠩᠭᠣᠯ ᠤᠨ ᠨᠢᠭᠤᠴᠠ ᠲᠣᠪᠴᠢᠶᠠᠨ 》 ᠤ ᠮᠦᠽᠸᠢ ᠡᠭᠦᠳᠡ ᠪᠡᠨ ᠨᠡᠭᠡᠭᠡᠪᠡ ᠃ ᠡᠨᠡ ᠨᠢ ᠳᠡᠯᠡᠬᠡᠢ ᠳᠡᠭᠡᠷᠡᠬᠢ ᠤᠤᠭᠠᠨ 《 ᠮᠣᠩᠭᠣᠯ ᠤᠨ ᠨᠢᠭᠤᠴᠠ ᠲᠣᠪᠴᠢᠶᠠᠨ 》 ᠤ ᠮᠦᠽᠸᠢ ᠪᠣᠯᠣᠨ᠎ᠠ ᠃

ᠣᠳᠣᠭ ᠬᠤᠰᠢᠭᠤᠨ ᠤ 《 ᠮᠣᠩᠭᠣᠯ ᠤᠨ ᠨᠢᠭᠤᠴᠠ ᠲᠣᠪᠴᠢᠶᠠᠨ 》 ᠤ ᠮᠦᠽᠸᠢ ᠪᠣᠯ ᠥᠨᠳᠦᠰᠦᠲᠡᠨ ᠦ ᠰᠣᠶᠣᠯ ᠢ ᠳᠡᠯᠭᠡᠨ ᠦᠵᠡᠭᠦᠯᠬᠦ ᠪᠡᠷ ᠭᠣᠣᠯ ᠪᠣᠯᠭᠠᠵᠤ ᠂ 《 ᠮᠣᠩᠭᠣᠯ ᠤᠨ ᠨᠢᠭᠤᠴᠠ ᠲᠣᠪᠴᠢᠶᠠᠨ 》 ᠢ ᠬᠤᠷᠢᠶᠠᠨ ᠬᠠᠳᠠᠭᠠᠯᠠᠬᠤ ᠂ ᠳᠡᠯᠭᠡᠨ ᠦᠵᠡᠭᠦᠯᠬᠦ ᠂ ᠰᠣᠳᠣᠯᠣᠨ ᠰᠢᠨᠵᠢᠯᠡᠬᠦ ᠂ ᠤᠩᠰᠢᠨ ᠦᠵᠡᠬᠦ ᠂ ᠰᠤᠷᠭᠠᠨ ᠬᠦᠮᠦᠵᠢᠭᠦᠯᠬᠦ ᠂ ᠤᠬᠠᠭᠤᠯᠬᠤ ᠪᠠᠷ ᠭᠣᠣᠯ ᠪᠣᠯᠭᠠᠭᠰᠠᠨ ᠶᠡᠷᠦᠩᠬᠡᠶᠢᠯᠡᠭᠰᠡᠨ ᠴᠢᠨᠠᠷᠲᠠᠢ ᠣᠯᠠᠨ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠰᠣᠶᠣᠯ ᠤᠨ ᠲᠠᠯᠠᠪᠤᠷ ᠪᠣᠯᠬᠤ ᠶᠤᠮ ᠃
ᠣᠳᠣᠬᠠᠨ ᠳᠦ ᠂ ᠲᠤᠰ ᠮᠦᠽᠸᠢ ᠳᠦ 《 ᠮᠣᠩᠭᠣᠯ ᠤᠨ ᠨᠢᠭᠤᠴᠠ ᠲᠣᠪᠴᠢᠶᠠᠨ 》 ᠤ 6 ᠲᠦᠮᠡ ᠭᠠᠷᠤᠢ ᠦᠰᠦᠭ ᠢ ᠮᠥᠩᠭᠥᠨ ᠬᠠᠪᠲᠠᠰᠤ ᠂ ᠤᠯᠠᠭᠠᠨ ᠽᠠᠨᠳᠠᠨ ᠮᠣᠳᠣ ᠂ ᠦᠬᠡᠷ ᠦᠨ ᠰᠢᠷᠢ ᠂ ᠴᠢᠯᠠᠭᠤ ᠂ ᠬᠥᠬᠡ ᠲᠣᠷᠭ᠎ᠠ ᠂ ᠲᠣᠷᠭᠠᠨ ᠴᠠᠭᠠᠰᠤ ᠂ ᠱᠠᠭᠠᠵᠠᠩ ᠫᠢᠯᠠ ᠂ ᠲᠡᠮᠡᠭᠡᠨ ᠰᠢᠯᠪᠢᠨ ᠶᠠᠰᠤ ᠂ ᠱᠠᠭᠠᠵᠠᠩ ᠲᠤᠯᠭᠠᠭᠤᠷᠢ ᠵᠡᠷᠭᠡ ᠳᠡᠭᠡᠷ᠎ᠡ ᠰᠢᠭᠢᠳᠭᠡᠵᠦ ᠪᠦᠲᠦᠭᠡᠭᠰᠡᠨ 13 ᠰᠢᠷᠢᠰ ᠤᠷᠠᠯᠢᠭ ᠨᠣᠮ ᠢ ᠳᠡᠯᠭᠡᠨ ᠦᠵᠡᠭᠦᠯᠵᠦ ᠪᠠᠶᠢᠨ᠎ᠠ᠃ ᠲᠤᠰ ᠮᠦᠽᠸᠢ ᠶᠢᠨ ᠶᠡᠷᠦᠩᠬᠡᠢ ᠲᠠᠯᠠᠪᠠᠢ ᠨᠢ 6220 ᠲᠡᠭᠰᠢ ᠳᠥᠷᠪᠡᠯᠵᠢᠨ᠂ ᠡᠭᠦᠨ ᠳᠦ ᠠᠭᠤᠳᠠᠮ ᠲᠠᠯᠠᠪᠠᠢ ᠨᠢ 2800 ᠲᠡᠭᠰᠢ ᠳᠥᠷᠪᠡᠯᠵᠢᠨ ᠂ ᠳᠡᠯᠭᠡᠨ ᠦᠵᠡᠭᠦᠯᠦᠯᠭᠡ ᠶᠢᠨ ᠲᠠᠯᠠᠪᠠᠢ ᠨᠢ 3420 ᠲᠡᠭᠰᠢ ᠳᠥᠷᠪᠡᠯᠵᠢᠨ ᠪᠠᠶᠢᠵᠤ ᠂ ᠮᠦᠽᠸᠢ ᠨᠢ ᠣᠷᠣᠰᠢᠯ ᠲᠢᠩᠬᠢᠮ ᠂ ᠣᠨᠣᠨ ᠲᠢᠩᠬᠢᠮ ᠂ ᠨᠠᠬᠤ ᠲᠢᠩᠬᠢᠮ ᠂ ᠬᠠᠭᠠᠨ ᠲᠢᠩᠬᠢᠮ ᠂ ᠬᠥᠳᠡᠭᠡ ᠲᠢᠩᠬᠢᠮ ᠂ ᠰᠣᠳᠣᠷ ᠲᠢᠩᠬᠢᠮ ᠪᠠ ᠡᠵᠡᠨ ᠠᠭᠤᠳᠠᠮ ᠲᠠᠯᠠᠪᠠᠢ ᠪᠠᠷ ᠪᠦᠷᠢᠯᠳᠦᠵᠡᠢ ᠃