ᠵᠤᠬᠢᠶᠠᠭᠴᠢ:
ᠴᠠᠭ:2019-07-26
ᠥᠵᠡᠭᠰᠡᠨ : ℃
ᠢᠷᠡᠯᠲᠡ:
ᠵᠡᠭᠦᠨ ᠵᠥᠭ ᠤᠨ ᠪᠡᠯᠭᠡᠳᠠᠯ
ᠵᠡᠭᠦᠨ ᠵᠥᠭ ᠨᠢ ᠭᠥᠭᠡ ᠮᠤᠳᠤᠨ ᠵᠥᠭ᠂ ᠮᠠᠭᠤ ᠥᠢᠯᠨ ᠶᠢᠨ ᠲᠥᠴᠢᠨ ᠲᠥᠷᠪᠡᠨ ᠲᠡᠭᠷᠢ ᠶᠢᠨ ᠤᠷᠤᠰᠢᠬᠤ ᠵᠥᠭ ᠭᠡᠭᠦ ᠪᠠ ᠨᠠᠷᠠᠨ ᠭᠠᠷᠬᠤ ᠵᠥᠭ ᠭᠡᠵᠥ ᠠᠵᠠ ᠵᠢᠷᠭᠠᠯ ᠢ ᠡᠷᠢᠭᠦ ᠵᠥᠭ ᠪᠤᠯᠳᠠᠭ᠃ ᠵᠡᠭᠦᠨ ᠵᠥᠭ ᠨᠢ ᠡᠶᠠᠷᠭᠦ ᠲᠠᠯ᠎ᠠ ᠶᠢᠨ ᠭᠥᠴᠥᠨ ᠤ ᠲᠤᠰᠠᠯᠠᠬᠤ ᠪᠠᠭᠠᠳᠤᠷᠴᠤᠳ ᠪᠤᠯᠤᠨ ᠬᠠᠨ ᠪᠠᠭᠠᠳᠤᠷ ᠤᠨ ᠵᠠᠶᠠᠭᠠᠨ ᠤ ᠬᠠᠨᠢ ᠶᠢᠨ ᠤᠷᠤᠨ ᠭᠡᠭᠦ︔ ᠲᠥᠷᠥ ᠶᠤᠰᠤᠨ ᠤ ᠰᠠᠭᠤᠳᠠᠯ ᠳᠤ ᠵᠡᠭᠦᠨ ᠲᠠᠯ᠎ᠠ ᠪᠠᠷ ᠵᠥᠩ ᠪᠡᠯᠭᠡ ᠶᠢᠨ ᠷᠢᠳᠢ ᠰᠢᠳᠢᠳᠠᠨ ᠰᠠᠭᠤᠬᠤ ᠭᠡᠭᠦ︔ ᠵᠡᠭᠦᠨ ᠬᠤᠶᠢᠳᠤ ᠲᠠᠯ᠎ᠠ ᠶᠢ ᠵᠡᠭᠦᠳᠤᠨ ᠤ ᠵᠠᠮ ᠤᠨ ᠵᠥᠭ ᠭᠡᠭᠦ︔ ᠪᠠᠭᠠᠳᠤᠷᠴᠤᠳ ᠡᠩ ᠤᠨ ᠭᠥᠯᠥᠭ ᠢᠶᠠᠨ ᠭᠡᠷ ᠤᠨ ᠢᠶᠠᠨ ᠵᠡᠭᠦᠨ ᠲᠠᠯ᠎ᠠ ᠳᠤ ᠤᠶᠠᠳᠠᠭ ᠪᠠ ᠭᠡᠷ ᠤᠨ ᠡᠮᠥᠨᠡᠭᠢ ᠬᠤᠶᠠᠷ ᠤᠶᠠᠭ᠎ᠠ ᠶᠢᠨ ᠵᠡᠭᠦᠨ ᠲᠠᠯ᠎ᠠ ᠶᠢᠨ ᠬᠢ ᠨᠢ ᠡᠵᠠᠳ ᠤᠡᠭᠭᠤᠳ ᠤᠨ ᠬᠢ ᠭᠡᠵᠥ ᠮᠤᠷᠢ ᠤᠶᠠᠳᠠᠭ ᠥᠭᠡᠢ ᠭᠡᠭᠦ︔ ᠵᠡᠭᠦᠨ ᠬᠤᠶᠢᠳᠤ ᠵᠥᠭ ᠢ ᠠᠶᠤᠮᠰᠢᠭᠳᠤ ᠭᠥᠴᠥᠨ ᠤ ᠤᠷᠤᠰᠢᠬᠤ ᠪᠠ ᠵᠡᠭᠦᠨ ᠡᠮᠥᠨ᠎ᠠ ᠵᠥᠭ ᠢ ᠮᠠᠭᠤ ᠢᠷᠸ᠎ᠠ ᠶᠢᠨ ᠵᠥᠭ ᠭᠡᠭᠦ︔ ᠤᠷᠤᠨ ᠰᠠᠭᠤᠴᠠ ᠶᠢᠨ ᠤᠷᠤᠨ ᠪᠠᠶᠢᠷᠢ ᠶᠢᠨ ᠬᠤᠪᠢᠶᠠᠷᠢ ᠶᠢᠨ ᠬᠤᠪᠢ ᠳᠤ᠂ ᠵᠡᠭᠦᠨ ᠲᠠᠯ᠎ᠠ ᠪᠠᠷ ᠭᠡᠷ ᠤᠨ ᠡᠵᠡᠭᠳᠠᠢ᠂ ᠡᠮᠡᠭᠳᠠᠶᠢᠴᠤᠳ ᠪᠤᠯᠤᠨ ᠭᠡᠥᠭᠡᠳ ᠰᠠᠭᠤᠬᠤ︔ ᠭᠥᠮᠥᠨ ᠤ ᠪᠠᠶ᠎ᠠ ᠡᠷᠭᠡᠳᠠᠨ ᠤ ᠵᠡᠭᠦᠨ ᠭᠠᠷ ᠲᠠᠯ᠎ᠠ ᠶᠢ ᠪᠤᠷᠤᠭᠤ ᠲᠠᠯ᠎ᠠ᠂ ᠰᠤᠯᠤᠭᠠᠢ ᠲᠠᠯ᠎ᠠ ᠭᠡᠵᠥ᠂ ᠪᠤᠷᠤᠭᠤ ᠭᠠᠷ ᠢᠶᠠᠷ ᠬᠤᠭᠤᠯᠠ ᠴᠠᠢ ᠠᠶᠠᠭᠠᠯᠠᠬᠤ᠂ ᠶᠠᠭᠤᠮ᠎ᠠ ᠥᠭᠴᠤ ᠠᠪᠬᠤ ᠶᠢ ᠴᠡᠭᠡᠷᠯᠡᠳᠡᠭ ᠵᠠᠷᠭᠡ᠃