ᠵᠤᠬᠢᠶᠠᠭᠴᠢ:
ᠴᠠᠭ:2019-07-22
ᠥᠵᠡᠭᠰᠡᠨ : ℃
ᠢᠷᠡᠯᠲᠡ:
ᠨᠠᠷᠢᠮᠤ ᠪᠣᠯ ᠳᠤᠮᠳᠠᠳᠤ ᠤᠯᠤᠰ ᠬᠠᠮᠤᠭ ᠡᠷᠲᠡᠨ ᠦ ᠲᠠᠷᠢᠵᠤ ᠣᠷᠭᠣᠭᠤᠯᠤᠭᠰᠠᠨ ᠤᠷᠭᠤᠮᠠᠯ ᠨᠢᠭᠡ ᠪᠣᠯᠤᠨ᠎ᠠ ᠃ ᠳᠤᠮᠳᠠᠳᠤ ᠤᠯᠤᠰ ᠬᠠᠮᠤᠭ ᠡᠷᠲᠡ ᠵᠡᠷᠯᠢᠭ ᠨᠠᠷᠢᠮᠤ ᠲᠠᠷᠢᠵᠤ ᠣᠷᠭᠣᠭᠤᠯᠤᠭᠰᠠᠨ ᠭᠡᠵᠦ ᠳᠡᠯᠡᠬᠡᠶ ᠨᠡᠢᠢᠲᠡ ᠪᠠᠷ ᠢᠶᠠᠨ ᠮᠡᠳᠡᠷᠡᠵᠦ ᠃ ᠥᠪᠥᠷ ᠮᠣᠩᠭᠣᠯ ᠣᠷᠣᠨ ᠳᠤ ᠨᠠᠷᠢᠮᠤ ᠲᠠᠷᠢᠭᠰᠠᠨ ᠥᠨᠢ ᠤᠳᠠᠭᠠᠨ ᠶᠤᠮ ᠂ ᠤᠯᠠᠭᠠᠨ ᠪᠤᠬ᠎ᠠ ᠮᠠᠯᠲᠠᠵᠤ ᠭᠠᠷᠭᠠᠭᠰᠠᠨ ᠬᠠᠨ ᠤᠯᠤᠰ ᠦᠶ᠎ᠡ ᠶᠢᠨ ᠨᠠᠷᠢᠮᠤ ᠨᠢ ᠲᠤᠬᠠᠶ ᠶᠢᠨ ᠳᠤ ᠡᠨᠡ ᠭᠠᠵᠠᠷ ᠣᠷᠣᠨ ᠳᠤ ᠨᠢᠭᠡᠨᠲᠡ ᠨᠠᠷᠢᠮᠤ ᠲᠠᠷᠢᠭᠰᠠᠨ ᠢ ᠭᠡᠷᠡᠴᠢᠯᠡᠵᠦ ᠂ ᠨᠠᠷᠢᠮᠤ ᠨᠢ ᠥᠪᠥᠷ ᠮᠣᠩᠭᠣᠯ ᠳᠤ ᠪᠠᠷᠤᠭ 2000~3000 ᠵᠢᠯ ᠲᠠᠷᠢᠮᠠᠯ ᠤᠨ ᠲᠡᠶ ᠪᠠᠶᠢᠵᠤ ᠂ ᠠᠮᠤ ᠪᠤᠳᠠᠭᠠᠨ ᠤ ᠲᠠᠷᠢᠮᠠᠯ ᠳᠤ ᠴᠢᠬᠤᠯᠠ ᠪᠠᠶᠢᠷᠢ ᠡᠵᠡᠯᠡᠵᠦ ᠪᠠᠶᠢᠭᠰᠠᠨ ᠢ ᠬᠠᠷᠠᠭᠤᠯᠵᠤ ᠪᠠᠶᠢᠨ᠎ᠠ ᠃
1914 ᠵᠤᠤ ᠤᠳᠠ ᠂ ᠵᠣᠰᠣᠲᠤ ᠂ ᠵᠢᠷᠢᠮ ᠂ ᠰᠢᠯᠢ ᠵᠡᠷᠭᠡ 4 ᠴᠢᠭᠤᠯᠭᠠᠨ ᠬᠥᠯᠥᠨ ᠪᠣᠶᠢᠷ ᠠᠢᠮᠠᠭ ᠥᠬᠡᠶ ᠨᠠᠷᠢᠮᠤ ᠶᠢᠨ 52 344 ᠲᠦᠮᠡᠨ ᠺᠢᠯᠣᠭ᠍ᠷᠠᠮ ᠪᠠᠶᠢᠵᠠᠶ ᠃ 1941 ᠣᠨ ᠳᠤ ᠵᠤᠤ ᠤᠳᠠ ᠂ ᠵᠢᠷᠢᠮ ᠂ ᠂ ᠬᠥᠯᠥᠨ ᠪᠣᠶᠢᠷ ᠵᠡᠷᠭᠡ 4 ᠨᠡᠢᠢᠲᠡ 75.15 ᠲᠦᠮᠡᠨ ᠾᠧᠺᠲ᠋ᠠᠷ ᠪᠠᠶᠢᠵᠤ ᠂ 4 ᠠᠮᠤ ᠪᠤᠳᠠᠭᠠᠨ ᠤ ᠲᠠᠷᠢᠮᠠᠯ ᠤᠨ ᠶᠡᠷᠦᠩᠬᠡᠶ ᠲᠠᠯᠠᠪᠠᠢ ᠶᠢᠨ 31.28 % ᠡᠵᠡᠯᠡᠵᠦ ᠂ 53 516 ᠲᠦᠮᠡᠨ ᠺᠢᠯᠣᠭ᠍ᠷᠠᠮ ᠪᠠᠶᠢᠵᠤ ᠂ ᠵᠡᠭᠦᠨ ᠬᠡᠰᠡᠭ ᠠᠮᠤ ᠪᠤᠳᠠᠭᠠᠨ ᠤ ᠲᠠᠷᠢᠮᠠᠯ ᠤᠨ 31.62 % ᠡᠵᠡᠯᠡᠪᠡ ᠃
ᠥᠪᠥᠷ ᠮᠣᠩᠭᠣᠯ ᠤᠨ ᠪᠠᠷᠠᠭᠤᠨ ᠬᠡᠰᠡᠭ ᠰᠦᠶᠶᠤᠸᠠᠨ ᠮᠤᠵᠢ 1932 ᠣᠨ ᠨᠠᠷᠢᠮᠤ 27.39 ᠲᠦᠮᠡᠨ ᠾᠧᠺᠲ᠋ᠠᠷ ᠂ 28 348.7 ᠲᠦᠮᠡᠨ ᠺᠢᠯᠣᠭ᠍ᠷᠠᠮ ᠂ ᠳᠤᠮᠳᠠᠴᠢ ᠪᠠᠷ ᠾᠧᠺᠲ᠋ᠠᠷ ᠪᠦᠷᠢ ᠨᠢ 1035 ᠺᠢᠯᠣᠭ᠍ᠷᠠᠮ ᠃ 1936 ᠣᠨ ᠳᠤ ᠪᠦᠬᠦ ᠣᠷᠣᠨ ᠤ ᠨᠠᠷᠢᠮᠤ 54.69 ᠲᠦᠮᠡᠨ ᠾᠧᠺᠲ᠋ᠠᠷ ᠂ 57 424.5 ᠲᠦᠮᠡᠨ ᠺᠢᠯᠣᠭ᠍ᠷᠠᠮ ᠂ ᠳᠤᠮᠳᠠᠴᠢ ᠪᠠᠷ ᠾᠧᠺᠲ᠋ᠠᠷ ᠪᠦᠷᠢ ᠨᠢ 1050 ᠺᠢᠯᠣᠭ᠍ᠷᠠᠮ ᠪᠠᠶᠢᠪᠠ ᠃ 1949 ᠣᠨ ᠳᠤ ᠪᠦᠬᠦ ᠣᠷᠣᠨ ᠤ ᠨᠠᠷᠢᠮᠤ 63.7 ᠲᠦᠮᠡᠨ ᠾᠧᠺᠲ᠋ᠠᠷ ᠂ 75 484.5 ᠲᠦᠮᠡᠨ ᠺᠢᠯᠣᠭ᠍ᠷᠠᠮ ᠂ ᠾᠧᠺᠲ᠋ᠠᠷ ᠪᠦᠷᠢ ᠳᠤᠮᠳᠠᠴᠢ ᠨᠢ 1185 ᠺᠢᠯᠣᠭ᠍ᠷᠠᠮ ᠪᠠᠶᠢᠪᠠ ᠃