ᠵᠤᠬᠢᠶᠠᠭᠴᠢ:
ᠴᠠᠭ:2019-07-18
ᠥᠵᠡᠭᠰᠡᠨ : ℃
ᠢᠷᠡᠯᠲᠡ:
ᠬᠣᠲᠣᠩ ᠠᠷᠠᠳ ᠲᠣᠭᠣᠷᠢᠭ ᠵᠠᠰᠠᠭ ᠵᠠᠬᠢᠷᠭᠠᠨ ᠣᠷᠣᠨ

ᠬᠣᠲᠣᠩ ᠠᠷᠠᠳ ᠲᠣᠭᠣᠷᠢᠭ ᠨᠢ ᠬᠣᠲᠠ ᠲᠣᠭᠣᠷᠢᠭ ᠤᠨ ᠪᠠᠷᠠᠭᠤᠨ ᠬᠣᠶᠢᠲᠤ ᠬᠡᠰᠡᠭ ᠲᠦ ᠪᠠᠶᠢᠷᠢᠯᠠᠵᠤ ᠂ ᠲᠠᠯᠠᠪᠠᠢ ᠨᠢ 200 ᠲᠡᠭᠰᠢ ᠳᠥᠷᠪᠡᠯᠵᠢᠨ ᠺᠢᠯᠣᠮᠧᠲ᠋ᠷ ᠂ ᠡᠭᠦᠨ ᠳᠦ ᠬᠣᠲᠠ ᠲᠣᠭᠣᠷᠢᠭ ᠲᠠᠯᠠᠪᠠᠢ ᠨᠢ 30 ᠲᠡᠭᠰᠢ ᠳᠥᠷᠪᠡᠯᠵᠢᠨ ᠺᠢᠯᠣᠮᠧᠲ᠋ᠷ ᠂ ᠬᠣᠲᠣᠩ ᠂ ᠮᠣᠩᠭᠣᠯ ᠂ ᠬᠢᠲᠠᠳ ᠂ ᠮᠠᠨᠵᠤ ᠵᠡᠷᠭᠡ 23 ᠦᠨᠳᠦᠰᠦᠲᠡᠨ ᠲᠡᠶ ᠂ ᠡᠭᠦᠨ ᠳᠦ ᠬᠣᠲᠣᠩ ᠦᠨᠳᠦᠰᠦᠲᠡᠨ ᠬᠥᠮᠦᠨ ᠠᠮᠠ ᠪᠠᠷᠤᠭ ᠪᠦᠬᠦ ᠬᠣᠲᠠ ᠶᠢᠨ ᠬᠣᠲᠣᠩ ᠦᠨᠳᠦᠰᠦᠲᠡᠨ 70 % ᠡᠵᠡᠯᠡᠵᠦ ᠂ ᠬᠣᠲᠣᠩ ᠦᠨᠳᠦᠰᠦᠲᠡᠨ ᠲᠥᠪᠯᠡᠷᠡᠨ ᠰᠠᠭᠤᠭᠰᠠᠨ ᠣᠷᠣᠨ ᠪᠣᠯᠤᠨ᠎ᠠ ᠃ ᠬᠣᠲᠣᠩ ᠦᠨᠳᠦᠰᠦᠲᠡᠨ 1950 ᠣᠨ 12 ᠰᠠᠷ᠎ᠠ 19 ᠡᠳᠦᠷ ᠪᠠᠶᠢᠭᠤᠯᠤᠭᠳᠠᠵᠤ ᠂ ᠳᠤᠮᠳᠠᠳᠤ ᠤᠯᠤᠰ ᠠᠩᠬᠠᠳᠠᠭᠴᠢ ᠴᠥᠭᠡᠨ ᠲᠣᠭᠠᠲᠤ ᠦᠨᠳᠦᠰᠦᠲᠡᠨ ᠥᠪᠡᠷᠲᠡᠭᠡᠨ ᠵᠠᠰᠠᠬᠤ ᠣᠷᠣᠨ ᠤ ᠬᠣᠲᠠ ᠶᠢᠨ ᠲᠣᠭᠣᠷᠢᠭ ᠪᠣᠯᠵᠠᠶ ᠃ ᠵᠠᠰᠠᠭ ᠵᠠᠬᠢᠷᠭᠠᠨ ᠣᠷᠣᠨ ᠬᠤᠪᠢᠶᠠᠷᠢᠯᠠᠯᠣᠷᠣᠯᠠᠬᠤ ᠨᠣᠮᠧᠷ 150103 ᠃
ᠬᠣᠲᠣᠩ ᠠᠷᠠᠳ ᠲᠣᠭᠣᠷᠢᠭ ᠪᠣᠯ ᠶᠢᠨ ᠴᠢᠬᠤᠯᠠ ᠠᠷᠠᠯᠵᠢᠶ᠎ᠠ ᠬᠤᠳᠠᠯᠳᠤᠭ᠎ᠠ ᠂ ᠰᠣᠶᠣᠯ ᠂ ᠪᠡᠶ᠎ᠡ ᠶᠢᠨ ᠲᠠᠮᠢᠷ ᠂ ᠡᠮ ᠡᠮᠨᠡᠯᠭᠡ ᠡᠷᠡᠭᠦᠯ ᠬᠠᠮᠠᠭᠠᠯᠠᠯ ᠲᠥᠪ ᠪᠣᠯᠤᠨ ᠱᠠᠰᠢᠨ ᠰᠤᠷᠲᠠᠬᠤᠨ ᠲᠠᠯᠠᠪᠤᠷ ᠲᠥᠪᠯᠡᠷᠡᠭᠰᠡᠨ ᠪᠣᠯᠤᠨ᠎ᠠ ᠃ 2015 ᠣᠨ ᠪᠣᠯᠲᠠᠯ᠎ᠠ ᠂ ᠬᠣᠲᠣᠩ ᠠᠷᠠᠳ ᠲᠣᠭᠣᠷᠢᠭ 7 ᠵᠡᠭᠡᠯᠢ ᠭᠤᠳᠤᠮᠵᠢ ᠂ 1 ᠪᠠᠯᠭᠠᠰᠤ ᠂ 43 ᠨᠡᠶᠢᠭᠡᠮ ᠲᠣᠭᠣᠷᠢᠭ ᠰᠠᠭᠤᠭᠠᠯᠢ ᠠᠷᠠᠳ ᠵᠥᠪᠯᠡᠯ ᠂ 19 ᠵᠠᠰᠠᠭ ᠵᠠᠬᠢᠷᠭᠠᠨ ᠲᠣᠰᠬᠣᠨ ᠡᠭᠦᠨ ᠳᠦ 14 ᠵᠠᠰᠠᠭ ᠵᠠᠬᠢᠷᠭᠠᠨ ᠲᠣᠰᠬᠣᠨ ᠨᠢ ᠲᠣᠰᠬᠣᠨ ᠬᠠᠰᠤᠵᠤ ᠣᠷᠣᠨ ᠰᠠᠭᠤᠴᠠ ᠪᠠᠶᠢᠭᠤᠯᠬᠤ ᠫᠠᠶᠢᠰᠠ ᠡᠯᠭᠦᠬᠦ ᠠᠵᠢᠯ ᠢ ᠪᠡᠶᠡᠯᠡᠭᠦᠯᠪᠡ ᠃