ᠵᠤᠬᠢᠶᠠᠭᠴᠢ:
ᠴᠠᠭ:2019-07-15
ᠥᠵᠡᠭᠰᠡᠨ : ℃
ᠢᠷᠡᠯᠲᠡ:
ᠭᠣᠯᠣᠩᠬᠢᠷ ᠠᠪᠤᠭᠤᠯᠬᠤ ᠤᠯᠠᠮᠵᠢᠯᠠᠯᠲᠤ ᠵᠠᠩ ᠦᠢᠯᠡ
ᠲᠥᠯ ᠲᠤᠰᠴᠤ ᠪᠣᠢᠵᠢᠭᠤᠯᠬᠤ ᠶᠠᠪᠤᠴᠠ ᠳᠤ ᠣᠯᠠᠨ ᠵᠦᠢᠯ ᠦᠨ ᠰᠢᠯᠲᠠᠭᠠᠨ ᠠᠴᠠ ᠪᠣᠯᠵᠤ ᠡᠬᠡ ᠮᠠᠯ ᠨᠢ ᠦᠷ᠎ᠡ ᠲᠥᠯ ᠢᠶᠡᠨ ᠭᠣᠯᠣᠬᠤ ᠶᠠᠪᠤᠳᠠᠯ ᠦᠷᠬᠦᠯᠵᠢ ᠳᠣᠬᠢᠶᠠᠯᠳᠤᠳᠠᠭ᠃ ᠪᠠᠷᠭᠤ ᠪᠦᠰᠡᠭᠦᠢᠴᠦᠳ ᠢᠷᠠᠭᠤ ᠡᠭᠡᠰᠢᠭᠲᠦ ᠤᠶᠠᠬᠠᠨ ᠴᠡᠭᠡᠯ ᠬᠣᠭᠤᠯᠠᠢ ᠪᠠᠷ ᠢᠶᠠᠨ ᠤᠳᠠᠭᠠᠨ ᠵᠢᠯ ᠤᠯᠠᠮᠵᠢᠯᠠᠭᠳᠠᠵᠤ ᠢᠷᠡᠭᠰᠡᠨ 《ᠭᠣᠯᠣᠩᠬᠢᠷ ᠠᠪᠤᠭᠤᠯᠬᠤ ᠳᠠᠭᠤᠤ》 ᠶᠢ ᠠᠶᠠᠯᠠᠭᠤᠯᠤᠨ ᠳᠠᠭᠤᠯᠠᠬᠤ ᠠᠷᠭ᠎ᠠ ᠪᠠᠷ ᠭᠣᠯᠣᠩᠬᠢᠷ ᠲᠥᠯ ᠢ ᠡᠬᠡ ᠳ᠋ᠦ᠋ᠨᠢ ᠠᠪᠤᠭᠤᠯᠳᠠᠭ᠃ ᠡᠭᠦᠨ ᠳᠦ ᠠᠳᠠᠯᠢ ᠪᠣᠰᠤ ᠲᠦᠷᠦᠯ ᠦᠨ ᠮᠠᠯ ᠤᠨ ᠭᠣᠯᠤᠭᠳᠠᠭᠰᠠᠨ ᠲᠥᠯ ᠢ ᠡᠬᠡ ᠳ᠋ᠦ᠋ᠨᠢ ᠠᠪᠤᠭᠤᠯᠬᠤ ᠳᠠᠭᠤᠤ᠂ ᠦᠭᠡ ᠠᠶᠠᠯᠭᠤ᠂ ᠠᠷᠭ᠎ᠠ ᠳᠠᠮ ᠨᠢ ᠬᠠᠷᠢᠯᠴᠠᠨ ᠠᠳᠠᠯᠢ ᠦᠭᠡᠢ ᠮᠠᠰᠢ ᠥᠪᠡᠷᠮᠢᠴᠡ ᠣᠨᠴᠠᠯᠢᠭ ᠲᠠᠢ ᠪᠠᠢᠳᠠᠭ᠃
ᠨᠢᠭᠡ᠂ ᠭᠣᠯᠤᠭᠳᠠᠭᠰᠠᠨ ᠬᠤᠷᠠᠭ᠎ᠠ ᠢᠰᠢᠭᠡ ᠶᠢ ᠡᠬᠡ ᠳ᠋ᠦ᠋ᠨᠢ ᠠᠪᠤᠭᠤᠯᠬᠤ᠄ ᠲᠥᠯ ᠢᠶᠡᠨ ᠭᠣᠯᠤᠭᠰᠠᠨ ᠡᠬᠡ ᠶᠢ ᠨᠢ ᠤᠶᠠᠵᠤ ᠲᠣᠱᠠᠬᠤ᠂ ᠡᠬᠡ ᠶᠢᠨ ᠰᠦ ᠶᠢ ᠲᠥᠯ ᠦᠨ ᠬᠢᠨᠢ ᠪᠡᠶ᠎ᠡ ᠳᠡᠭᠡᠷ᠎ᠡ ᠲᠦᠷᠬᠢᠵᠦ ᠦᠨᠦᠷᠲᠦᠭᠦᠯᠬᠦ᠂ ᠲᠥᠯ ᠢ ᠨᠢ ᠪᠠᠷᠢᠵᠤ ᠠᠮᠠᠯᠠᠭᠤᠯᠵᠤ ᠬᠦᠬᠦᠭᠦᠯᠬᠦ ᠶᠢᠨ ᠳᠠᠭᠠᠣ ᠳᠠᠭᠤᠤ ᠳᠠᠭᠤᠯᠠᠵᠤ ( ᠲᠣᠢᠭᠯᠠᠵᠤ) ᠤᠶᠠᠷᠠᠭᠤᠯᠬᠤ ᠠᠷᠭ᠎ᠠ ᠠᠪᠳᠠᠭ᠃ ᠵᠢᠱᠢᠶᠡᠯᠡᠪᠡᠯ᠄
《 ᠬᠦᠢᠲᠡᠨ ᠡᠪᠦᠯ ᠥᠩᠭᠡᠷᠡᠵᠦ᠂ ᠬᠥᠭ ᠦᠨ ᠡᠷᠡᠨ ᠴᠢᠨᠢ ᠬᠦᠷᠦᠯ᠎ᠡ᠂ ᠲᠣᠢᠭ᠂ ᠲᠣᠢᠭ᠂ ᠲᠣᠢᠭ᠂ ᠴᠠᠭᠠᠨ ᠴᠠᠰᠤ ᠬᠠᠢᠯᠵᠤ᠂ ᠴᠠᠭ ᠡᠷᠡᠨ ᠴᠢᠨᠢ ᠪᠣᠯᠤᠯ᠎ᠠ᠂ ᠲᠣᠢᠭ᠂ ᠲᠣᠢᠭ᠂ ᠲᠣᠢᠭ᠂ ᠬᠥᠬᠡ ᠨᠣᠭᠤᠭ᠎ᠠ ᠰᠣᠶᠣᠭᠠᠯᠠᠵᠤ᠂ ᠬᠥᠬᠦᠭᠡ ᠰᠢᠪᠠᠭᠤ ᠳᠣᠩᠭᠤᠳᠤᠯᠠ᠂ ᠲᠣᠢᠭ᠂ ᠲᠣᠢᠭ᠂ ᠲᠣᠢᠭ᠂ ᠬᠥᠬᠥ ᠳᠡᠯᠡᠩ ᠴᠢᠨᠢ ᠴᠢᠨᠤᠨᠠ ᠰᠢᠤ᠂ ᠬᠥᠭᠡᠷᠦᠬᠦᠢ ᠬᠤᠷᠠᠭ᠎ᠠ ᠪᠠᠨ ᠠᠪᠤᠭᠠᠷᠠᠢ᠂ ᠲᠣᠢᠭ᠂ ᠲᠣᠢᠭ ᠲᠣᠢᠭ︕》 ᠭᠡᠵᠦ ᠤᠷᠲᠤᠯᠠᠭᠤᠯᠤᠨ ᠤᠶᠠᠩᠭᠠᠲᠠᠢ ᠠᠶᠠᠯᠠᠭᠤᠯᠳᠠᠭ᠃ ᠡᠨᠡ ᠲᠣᠢᠭ ᠤᠨ ᠳᠠᠭᠤᠤ ᠶᠢ ᠰᠣᠨᠣᠰᠣᠭᠰᠠᠨ ᠬᠦᠮᠦᠨ ᠦ ᠰᠡᠳᠬᠢᠯ ᠤᠶᠠᠷᠠᠬᠤ ᠶᠢᠨ ᠪᠦᠦ ᠬᠡᠯᠡ᠂ ᠠᠳᠤᠭᠤᠰᠤ ᠮᠠᠯ ᠴᠤ ᠭᠡᠰᠡᠨ ᠵᠢᠷᠦᠬᠡ ᠭᠣᠣᠯ ᠨᠢ ᠡᠮᠲᠡᠷᠡᠵᠦ᠂ ᠭᠣᠯᠤᠵᠤ ᠬᠠᠶᠠᠭᠰᠠᠨ ᠬᠤᠷᠠᠭ᠎ᠠ ᠪᠠᠨ ᠬᠥᠬᠦᠬᠥᠯᠴᠢᠬᠡᠳᠡᠭ᠃ ᠭᠣᠯᠣᠩᠬᠠᠢ ᠢᠰᠢᠭᠡ ᠶᠢ ᠡᠬᠡ ᠳ᠋ᠦ᠋ᠨᠢ ᠠᠪᠤᠭᠤᠯᠬᠤ ᠠᠷᠭ᠎ᠠ ᠨᠢ ᠳᠡᠭᠡᠷᠡᠬᠢ ᠲᠠᠢ ᠠᠳᠠᠯᠢᠪᠲᠤᠷ ᠪᠠᠢᠳᠠᠭ᠃ ᠢᠮᠠᠭ᠎ᠠ ᠶᠢ ᠲᠣᠢᠭᠯᠠᠬᠤ ᠪᠢᠰᠢ ᠴᠠᠢᠭᠯᠠᠨᠠ᠄
《 ᠥᠨᠳᠥᠷ ᠡᠪᠡᠷ ᠲᠠᠢ ᠴᠠᠭᠠᠨ ᠢᠮᠠᠭ᠎ᠠ ᠮᠢᠨᠢ᠂ ᠥᠪᠡᠷ ᠦᠨ ᠢᠰᠢᠭᠡ ᠴᠢᠨᠢ ᠮᠦᠨ ᠰᠢᠤ ᠳ᠋ᠠ᠂ ᠴᠠᠢᠭ᠂ ᠴᠠᠢᠭ ᠴᠠᠢᠭ︕ ᠬᠠᠷ᠎ᠠ ᠠᠯᠠᠭ ᠢᠮᠠᠭ᠎ᠠ ᠮᠢᠨᠢ᠂ ᠬᠠᠢᠷᠠᠲᠠᠢ ᠢᠰᠢᠭᠡ ᠪᠡᠨ ᠠᠪᠤᠭᠠᠷᠠᠢ᠂ ᠴᠠᠢᠭ᠂ ᠴᠠᠢᠭ᠂ ᠴᠠᠢᠭ︕》 ᠭᠡᠵᠦ ᠠᠶᠠᠯᠭᠤ ᠳᠠᠭᠤᠤ ᠬᠣᠣᠰᠯᠠᠭᠤᠯᠤᠨ ᠢᠰᠢᠭᠡ ᠶᠢ ᠨᠢ ᠬᠥᠬᠥᠭᠦᠯᠵᠦ ᠠᠪᠤᠭᠤᠯᠳᠠᠭ᠂ ᠡᠨᠡ ᠨᠢ ᠦᠨᠡᠬᠡᠷ ᠪᠠᠷᠭᠤᠴᠤᠳ ᠤᠨ ᠭᠣᠯᠣᠭᠳᠠᠭᠰᠠᠨ ᠬᠤᠷᠠᠭ᠎ᠠ ᠢᠰᠢᠭᠡ ᠶᠢ ᠡᠬᠡ ᠳ᠋ᠦ᠋ᠨᠢ ᠠᠪᠤᠭᠤᠯᠬᠤ ᠴᠢᠬᠤᠯᠠ ᠨᠢᠭᠡᠨ ᠤᠯᠠᠮᠵᠢᠯᠠᠯᠲᠤ ᠠᠷᠭ᠎ᠠ ᠪᠣᠯᠬᠤ ᠶᠤᠮ᠃ ᠭᠣᠯᠣᠩᠬᠢᠷ ᠭᠠᠷᠬᠤ ᠨᠢ ᠭᠣᠣᠯᠳᠠᠭᠤ ᠬᠣᠨᠢ ᠢᠮᠠᠭᠠᠨ ᠳᠤ ᠣᠯᠠᠨ ᠭᠠᠷᠳᠠᠭ ᠃ ᠢᠯᠠᠩᠭᠤᠶ᠎ᠠ ᠴᠠᠰᠤ ᠪᠣᠷᠣᠭᠠᠨ ᠲᠠᠢ ᠡᠷᠡᠨ ᠳᠦ ᠣᠯᠠᠨ ᠭᠠᠷᠳᠠᠭ ᠃ ᠡᠭᠦᠨ ᠰᠢᠯᠲᠠᠭᠠᠨ ᠨᠢ ᠡᠬᠡ ᠶᠢᠨ ᠬᠢᠨᠢ ᠲᠠᠷᠭᠤ ᠬᠦᠴᠦ ᠮᠠᠭᠤᠲᠠᠭᠰᠠᠨ ᠂ ᠲᠥᠯ ᠢ ᠡᠬᠡ ᠳ᠋ᠦ᠋ᠨᠢ ᠡᠰᠡ ᠳᠣᠯᠢᠶᠠᠯᠭᠠᠭᠰᠠᠨ ᠪᠠ ᠬᠤᠷᠠᠭ᠎ᠠ ᠢᠰᠢᠭᠡᠨ ᠦ ᠪᠡᠶ᠎ᠡ ᠳᠦ ᠥᠭᠡᠷ᠎ᠡ ᠦᠨᠦᠷ ᠬᠠᠯᠳᠠᠭᠰᠠᠨ ᠠᠴᠠ ᠪᠣᠯᠳᠠᠭ ᠃ ᠡᠶᠢᠮᠦᠷᠬᠦᠦ ᠦᠵᠡᠭᠳᠡᠯ ᠵᠤᠰᠠᠭ ᠬᠣᠨᠢᠨ ᠳᠤ ᠣᠯᠠᠨ ᠳᠣᠬᠢᠶᠠᠯᠳᠤᠳᠠᠭ ᠃ ᠭᠣᠯᠣᠩᠬᠢᠷ ᠠᠪᠤᠭᠤᠯᠬᠤ ᠳᠤ ᠲᠣᠶᠢᠭᠯᠠᠵᠤ ᠲᠠᠶᠢᠳᠬᠤᠷᠠᠭᠤᠯᠬᠤ ᠂ ᠳᠠᠭᠤᠯᠠᠵᠤ ᠤᠶᠠᠷᠠᠭᠤᠯᠬᠤ ᠂ ᠬᠤᠷᠠᠭ᠎ᠠ ᠢᠰᠢᠭᠡ ᠨᠢ ᠡᠬᠡ ᠲᠠᠢ ᠨᠢ ᠲᠤᠰᠬᠠᠢ ᠬᠠᠰᠢᠶᠠᠨ ᠳᠤ ᠬᠣᠷᠢᠬᠤ ( ᠬᠠᠷᠠᠩᠭᠤᠢ ᠭᠡᠷ ᠪᠣᠶᠤ ᠨᠦᠬᠡᠨ ᠳᠦ ᠬᠣᠷᠢᠬᠤ )᠂ ᠨᠣᠬᠠᠢ ᠪᠠᠷ ᠠᠶᠤᠯᠭᠠᠬᠤ ᠂ ᠬᠤᠷᠠᠭ᠎ᠠ ᠢᠰᠢᠭᠡᠨ ᠦ ᠰᠡᠭᠦᠯ ᠪᠤᠶᠤ ᠪᠡᠶ᠎ᠡ ᠳᠡᠭᠡᠷ᠎ᠡ ᠨᠢ ᠬᠤᠵᠢᠷ ᠱᠤ᠋ ᠲᠦᠷᠬᠢᠪᠡᠯ ᠡᠬᠡ ᠨᠢ ᠲᠡᠭᠦᠨ ᠢ ᠲᠣᠯᠢᠶᠠᠬᠤ ᠶᠢᠨ ᠳᠠᠭᠤ ᠲᠥᠯ ᠢᠶᠡᠨ ᠲᠠᠨᠢᠵᠤ ᠠᠪᠳᠠᠭ ᠃ ᠡᠭᠦᠨ ᠳᠦ ᠨᠣᠬᠠᠢ ᠪᠠᠷ ᠠᠶᠤᠯᠭᠠᠬᠤ ᠠᠷᠭ᠎ᠠ ᠶᠢ ᠬᠡᠷᠡᠭᠯᠡᠬᠦ ᠳ᠋ᠡᠭᠡᠨ ᠭᠣᠯᠣᠭᠳᠠᠭᠰᠠᠨ ᠬᠤᠷᠠᠭ᠎ᠠ ᠢᠰᠢᠭᠡᠨ ᠦ ᠬᠢᠨᠢ ᠨᠢᠷᠤᠭᠤᠨ ᠳᠡᠭᠡᠷ᠎ᠡ ᠴᠢᠰᠤ ᠪᠤᠶᠤ ᠮᠢᠬ᠎ᠠ ᠨᠠᠭᠠᠯᠳᠤᠭᠤᠯᠵᠤ ᠨᠣᠬᠠᠢ ᠪᠠᠷ ᠳᠣᠯᠢᠶᠠᠯᠭᠠᠨ᠎ᠠ ᠃ ᠡᠭᠦᠨ ᠢ ᠦᠵᠡᠭᠰᠡᠨ ᠡᠬᠡ ᠨᠢ ᠨᠣᠬᠠᠢ ᠠᠴᠠ ᠲᠥᠯ ᠢᠶᠡᠨ ᠬᠠᠷᠠᠮᠨᠠᠨ ᠨᠣᠬᠠᠢ ᠶᠢ ᠮᠦᠷᠭᠦᠨ ᠵᠠᠶᠢᠯᠠᠭᠤᠯᠵᠤ ᠦᠷ᠎ᠡ ᠲᠥᠯ ᠢᠶᠡᠨ ᠥᠮᠥᠭᠯᠡᠨ ᠴᠡᠭᠡᠵᠢᠨ ᠳᠣᠣᠷ᠎ᠠ ᠪᠠᠨ ᠬᠠᠰᠢᠭᠠᠳ ᠮᠠᠰᠢ ᠬᠢᠯᠪᠠᠷᠬᠠᠨ ᠬᠥᠬᠦᠭᠦᠯᠴᠢᠳᠡᠭ ᠃
ᠬᠣᠶᠠᠷ ᠂ ᠭᠣᠯᠣᠭᠳᠠᠭᠰᠠᠨ ᠲᠤᠭᠤᠯ ᠢ ᠡᠬᠡ ᠳ᠋ᠦ᠋ᠨᠢ ᠠᠪᠤᠭᠤᠯᠬᠤ᠄ ᠲᠥᠯᠯᠡᠭᠰᠡᠨ ᠡᠬᠡ ᠶᠢᠨ ᠬᠠᠶᠢᠷ᠎ᠠ ᠶᠢ ᠨᠡᠮᠡᠭᠳᠡᠭᠦᠯᠬᠦ ᠶᠢᠨ ᠲᠤᠰᠠᠳᠠ ᠲᠤᠭᠤᠯ ᠢ ᠨᠢ ᠭᠠᠷᠤᠭᠰᠠᠨ ᠳᠠᠷᠤᠢ ᠳ᠋ᠦ᠋ᠨᠢ ᠡᠷᠬᠡᠪᠰᠢ ᠡᠬᠡ ᠳ᠋ᠦ᠋ᠨᠢ ᠳᠣᠯᠢᠶᠠᠯᠭᠠᠬᠤ ᠠᠷᠭ᠎ᠠ ᠶᠢ ᠠᠪᠬᠤ ᠠᠴᠠ ᠭᠠᠳᠠᠨ᠎ᠠ ᠡᠬᠡ ᠶᠢᠨ ᠬᠢᠨᠢ ᠰᠠᠯᠢᠰᠤ ᠶᠢ ᠲᠦᠷᠬᠢᠨ ᠦᠨᠦᠷᠲᠦᠭᠦᠯᠵᠦ ᠂ ᠡᠬᠡ ᠪᠠ ᠲᠥᠯ ᠦᠨ ᠬᠠᠷᠢᠴᠠᠭ᠎ᠠ ᠶᠢ ᠨᠢᠭᠲᠠᠷᠠᠭᠤᠯᠵᠤ ᠂ ᠲᠤᠭᠤᠯ ᠢ ᠨᠢ ᠲᠠᠨᠢᠭᠤᠯᠤᠨ᠎ᠠ ᠃ ᠭᠣᠯᠣᠭᠳᠠᠭᠰᠠᠨ ᠲᠤᠭᠤᠯ ᠢ ᠡᠬᠡ ᠳ᠋ᠦ᠋ᠨᠢ ᠠᠪᠤᠭᠤᠯᠬᠤ ᠳᠠᠭᠠᠨ᠄
《 ᠨᠠᠷᠢᠨ ᠬᠦᠷᠡᠭᠴᠢ ᠦᠨᠢᠶ᠎ᠡ ᠮᠢᠨᠢ ᠂ ᠨᠢᠯᠬ᠎ᠠ ᠲᠤᠭᠤᠯ ᠢᠶᠠᠨ ᠪᠦᠦ ᠭᠣᠯᠣ ᠳ᠋ᠠ ᠃ ᠦᠣᠪ ᠂ ᠦᠣᠪ ᠂ ᠦᠣᠪ ︕ ᠬᠦᠷᠡᠩ ᠠᠯᠠᠭᠴᠢ ᠭᠤᠨᠵᠢ ᠮᠢᠨᠢ ᠂ ᠬᠥᠭᠡᠷᠦᠬᠦᠢ ᠲᠤᠭᠤᠯ ᠢᠶᠠᠨ ᠠᠪᠤᠭᠠᠷᠠᠢ ᠰᠠ ᠂ ᠦᠣᠪ ᠂ ᠦᠣᠪ ᠂ ᠦᠣᠪ ︕ ᠭᠡᠵᠦ ᠦᠨᠢᠶᠡᠨ ᠦ ᠪᠡᠨ ᠥᠩᠭᠡ ᠵᠢᠰᠤᠮ ᠳᠦ ᠨᠡᠶᠢᠴᠡᠭᠦᠯᠦᠨ ᠠᠶᠠᠯᠠᠭᠤᠯᠬᠤ ᠪᠠ ᠰᠦ ᠶᠢ ᠨᠢ ᠰᠠᠭᠠᠵᠤ ᠂ ᠲᠤᠭᠤᠯ ᠤᠨ ᠰᠡᠭᠦᠯ ᠂ ᠵᠣ ᠳᠡᠭᠡᠭᠦᠷ ᠨᠢ ᠲᠦᠷᠬᠢᠬᠦ ᠪᠥᠭᠡᠳ ᠲᠤᠭᠤᠯ ᠢ ᠨᠢ ᠡᠬᠡ ᠳ᠋ᠦ᠋ᠨᠢ ᠠᠮᠠᠯᠠᠭᠤᠯᠵᠤ ᠬᠥᠬᠦᠭᠦᠯᠳᠡᠭ ᠃ ᠬᠠᠷᠢᠨ ᠬᠣᠨᠢ ᠪᠤᠶᠤ ᠦᠨᠢᠶ᠎ᠡ ᠶᠢᠨ ᠦᠨ ᠲᠥᠯ ᠨᠢ ᠦᠬᠦᠭᠡᠳ ᠥᠭᠡᠷ᠎ᠡ ᠲᠥᠯ ᠢ ᠠᠪᠤᠭᠤᠯᠤᠶᠠ ᠭᠡᠪᠡᠯ ᠲᠤᠰ ᠲᠥᠯ ᠳ᠋ᠦ᠋ᠨᠢ ᠦᠬᠦᠭᠰᠡᠨ ᠲᠥᠯ ᠦᠨ ᠬᠢᠨᠢ ᠠᠷᠠᠰᠤ ᠶᠢ ᠨᠦᠮᠦᠷᠦᠭᠦᠯᠵᠦ ᠠᠪᠤᠭᠤᠯᠬᠤ ᠠᠷᠭ᠎ᠠ ᠪᠠᠶᠢᠳᠠᠭ ᠃ ᠡᠨᠡ ᠨᠢ ᠲᠥᠯ ᠢᠶᠡᠨ ᠦᠬᠦᠭᠦᠯᠦᠭᠰᠡᠨ ᠡᠬᠡ ᠮᠠᠯ ᠤᠨ ᠬᠥᠬᠥ ᠲᠡᠯᠡᠩ ᠬᠠᠪᠤᠳᠬᠤ ᠶᠢ ᠬᠣᠷᠢᠭᠯᠠᠨ ᠰᠡᠷᠭᠡᠶᠢᠯᠡᠵᠦ ᠂ ᠥᠭᠡᠷ᠎ᠡ ᠡᠬᠡ ᠶᠢᠨ ᠲᠥᠯ ᠢ ᠠᠪᠤᠭᠤᠯᠬᠤ ᠶᠢ ᠬᠡᠯᠡᠨ᠎ᠡ ᠃ ᠡᠭᠦᠨ ᠢ ᠪᠠᠷᠭᠤᠴᠤᠳ ᠳᠡᠯᠡᠭᠡᠯᠡᠬᠦ ( ᠬᠣᠶᠠᠷ ᠡᠬᠡ ᠬᠥᠬᠥᠳᠡᠭ ᠲᠥᠯ ) ᠭᠡᠳᠡᠭ ᠃ ᠳᠡᠯᠡᠭᠡ ᠡᠬᠡ ᠲᠠᠢ ᠲᠥᠯ ᠪᠣᠯ ᠪᠣᠰᠤᠳ ᠲᠥᠯ ᠡᠴᠡ ᠪᠡᠨ ᠨᠡᠩ ᠣᠨᠴᠠᠭᠠᠢ ᠦᠰᠴᠦ ᠪᠣᠶᠢᠵᠢᠳᠠᠭ ᠃
ᠭᠤᠷᠪᠠ ᠂ ᠭᠣᠯᠤᠭᠳᠠᠭᠰᠠᠨ ᠪᠣᠲᠣᠭᠣ ᠶᠢ ᠡᠬᠡ ᠳ᠋ᠦ᠋ᠨᠢ ᠠᠪᠤᠭᠤᠯᠬᠤ᠄ ᠪᠠᠷᠭᠤ ᠶᠢᠨ ᠨᠠᠰᠤᠲᠠᠳ ᠲᠡᠮᠡᠭᠡ ᠪᠣᠯ ᠬᠦᠮᠦᠨ ᠡᠯᠢᠭᠡ ᠲᠠᠢ ᠂ ᠤᠶᠠᠷᠠᠮᠠᠲᠠᠭᠠᠢ ᠠᠮᠢᠲᠠᠨ ᠭᠡᠳᠡᠭ ᠃ ᠲᠡᠮᠡᠭᠡᠨ ᠦ ᠨᠣᠮᠣᠬᠠᠨ ᠵᠥᠭᠡᠯᠡᠨ ᠵᠠᠩ ᠂ ᠤᠶᠠᠷᠠᠭᠤᠨ ᠰᠡᠳᠬᠢᠯ ᠲᠠᠢ ᠣᠨᠴᠠᠯᠢᠭ ᠢ ᠠᠰᠢᠭᠯᠠᠨ ᠪᠣᠲᠣᠭᠣ ᠪᠠᠨ ᠭᠣᠯᠣᠭᠰᠠᠨ ᠢᠩᠭᠡᠨ ᠦ ᠳᠡᠷᠭᠡᠲᠡ ᠤᠶᠠᠬᠠᠨ ᠢᠷᠠᠭᠤ ᠠᠶᠠᠯᠭᠤ ᠪᠠᠷ ᠤᠷᠲᠤ ᠶᠢᠨ ᠳᠠᠭᠤᠤ ᠳᠠᠭᠤᠯᠠᠬᠤ ᠶᠢᠨ ᠳᠠᠭᠠᠣ ᠬᠤᠭᠤᠷ ᠬᠦᠭᠵᠢᠮ ᠲᠠᠲᠠᠬᠤ ᠯᠢᠩᠪᠤ ᠦᠯᠢᠶᠡᠬᠦ ᠵᠡᠷᠭᠡ ᠪᠡᠷ ᠰᠡᠳᠬᠢᠯ ᠢ ᠨᠢ ᠤᠶᠠᠷᠠᠭᠤᠯᠪᠠᠯ ᠢᠩᠭᠡᠨ ᠦ ᠨᠢᠳᠦᠨ ᠦ ᠬᠢᠨᠢ ᠨᠢᠯᠪᠤᠰᠤ ᠪᠦᠮᠪᠦᠷᠢᠵᠦ ᠂ ᠠᠶᠠᠨᠳᠠᠭᠠᠨ ᠪᠣᠲᠣᠭᠣ ᠪᠠᠨ ᠬᠥᠬᠥᠭᠦᠯᠴᠢᠳᠡᠭ ᠃ ᠪᠠᠰᠠ ᠪᠣᠲᠣᠭᠣ ᠪᠠᠨ ᠭᠣᠯᠣᠭᠰᠠᠨ ᠢᠩᠭᠡ ᠶᠢ ᠪᠣᠲᠣᠭᠣ ᠲᠠᠢ ᠨᠢ ᠬᠠᠮᠲᠤ ᠬᠠᠰᠢᠶᠠᠨ ᠳᠤ ᠬᠣᠷᠢᠵᠤ ᠂ ᠡᠬᠡ ᠶᠢᠨ ᠬᠢᠨᠢ ᠰᠦ ᠶᠢ ᠪᠣᠲᠣᠭᠣ ᠶᠢᠨ ᠬᠢᠨᠢ ᠪᠡᠶ᠎ᠡ ᠳᠡᠭᠡᠷ᠎ᠡ ᠲᠦᠷᠬᠢᠬᠦ ᠪᠠ ᠳᠠᠪᠤᠰᠤ ᠲᠠᠢ ᠴᠠᠢ ᠶᠢ ᠪᠡᠶ᠎ᠡ ᠳᠡᠭᠡᠷ᠎ᠡ ᠨᠢ ᠰᠠᠴᠤᠬᠤ ᠵᠡᠷᠭᠡ ᠠᠷᠭ᠎ᠠ ᠶᠢ ᠠᠪᠳᠠᠭ ᠃ ᠬᠡᠷᠪᠡ ᠡᠬᠡ ᠨᠢ ᠭᠣᠯᠣᠭᠠᠳ ᠶᠠᠭ ᠠᠪᠬᠤ ᠦᠭᠡᠢ ᠪᠣᠯ ᠪᠣᠲᠣᠭᠣ ᠶᠢ ᠭᠠᠷ ᠢᠶᠠᠷ ᠲᠡᠵᠢᠭᠡᠵᠦ ᠥᠰᠬᠡᠨ᠎ᠡ ᠃
ᠳᠥᠷᠪᠡ ᠂ ᠭᠣᠯᠣᠭᠳᠠᠭᠰᠠᠨ ᠤᠨᠠᠭ᠎ᠠ ᠶᠢ ᠡᠬᠡ ᠳ᠋ᠦ᠋ᠨᠢ ᠠᠪᠤᠭᠤᠯᠬᠤ ᠨᠢ ᠪᠣᠰᠣᠳ ᠮᠠᠯ ᠠᠴᠠ ᠥᠪᠡᠷᠮᠢᠴᠡ ᠣᠨᠴᠠᠯᠢᠭ ᠲᠠᠢ ᠪᠠᠶᠢᠳᠠᠭ ᠃ ᠳᠠᠭᠤᠤ ᠳᠠᠭᠤᠯᠠᠵᠤ ᠬᠦᠭᠵᠢᠮ ᠬᠦᠭᠵᠢᠮᠳᠡᠳᠡᠭ ᠦᠭᠡᠢ ᠂ ᠬᠠᠷᠢᠨ ᠤᠨᠠᠭ᠎ᠠ ᠪᠠᠨ ᠭᠣᠯᠣᠭᠰᠠᠨ ᠭᠡᠭᠦᠦ ᠶᠢ ᠬᠦᠮᠦᠨ ᠠᠮᠢᠲᠠᠨ ᠦᠭᠡᠢ ᠨᠠᠮ ᠰᠡᠯᠡᠭᠦᠦ ᠭᠠᠵᠠᠷ ᠲᠤ ᠠᠪᠠᠴᠢᠵᠤ ᠂ ᠲᠣᠱᠠᠬᠤ ᠪᠤᠶᠤ ᠦᠷᠦᠭᠡᠯᠳᠦᠵᠦ ᠂ ᠨᠢᠳᠦ ᠶᠢ ᠨᠢ ᠪᠦᠲᠡᠭᠡᠭᠡᠳ ᠤᠨᠠᠭ᠎ᠠ ᠲᠠᠢ ᠨᠢ ᠬᠠᠮᠲᠤ ᠣᠷᠬᠢᠪᠠᠯ ᠤᠨᠠᠭ᠎ᠠ ᠪᠠᠨ ᠠᠪᠳᠠᠭ ᠃