ᠵᠤᠬᠢᠶᠠᠭᠴᠢ:
ᠴᠠᠭ:2019-06-21
ᠥᠵᠡᠭᠰᠡᠨ : ℃
ᠢᠷᠡᠯᠲᠡ:
ᠮᠣᠩᠭᠣᠯ ( ᠬᠣᠶᠠᠷ )
( ᠬᠣᠶᠠᠷ ) ᠮᠣᠩᠭᠣᠯ ᠦᠨᠳᠦᠰᠦᠲᠡᠨ ᠡᠬᠡ ᠶᠢᠨ ᠤᠳᠤᠮᠲᠤ ᠲᠥᠷᠥᠯ ᠰᠠᠳᠤᠨ 《 ᠴᠢᠰᠤᠨ ᠲᠥᠷᠥᠯ 》 ᠂ ᠬᠠᠷᠢᠨ ᠡᠴᠢᠭᠡ ᠶᠢᠨ ᠤᠳᠤᠮᠲᠤ ᠲᠥᠷᠥᠯ ᠰᠠᠳᠤᠨ 《 》 ᠭᠡᠳᠡᠭ ᠃

ᠮᠣᠩᠭᠣᠯ ᠦᠨᠳᠦᠰᠦᠲᠡᠨ ᠠᠳᠠᠯᠢ ᠪᠤᠰᠤ ᠲᠥᠷᠥᠯ ᠬᠡᠯᠪᠡᠷᠢ ᠶᠢᠨ ᠦᠨ ᠣᠯᠠᠨ ᠵᠦᠢᠯ ᠦᠨ ᠨᠡᠷᠡᠶᠢᠳᠦᠯ ᠲᠠᠢ ᠪᠠᠶᠳᠠᠭ ᠃ ᠡᠭᠦᠨ ᠳᠦ ᠣᠪᠣᠭ ᠲᠥᠷᠥᠯ ᠂ ᠶᠠᠰᠤᠲᠠᠨ ᠨᠡᠯᠢᠶᠡᠳ ᠴᠢᠬᠤᠯᠠᠴᠢᠯᠠᠳᠠᠭ ᠃ ᠬᠡᠪᠴᠢᠶ᠎ᠡ ᠨᠢ ᠶᠡᠬᠡ ᠲᠥᠯᠥᠪ ᠠᠳᠠᠯᠢ ᠪᠠᠶᠳᠠᠭ ᠃ ᠣᠪᠣᠭ ᠲᠥᠷᠥᠯ ᠤᠨ ᠪᠣᠶ ᠪᠦᠬᠦᠢ ᠭᠡᠷ ᠪᠦᠯᠢ ᠶᠢᠨ ᠪᠦᠷᠢᠯᠳᠦᠬᠦᠨ ᠨᠢ ᠴᠥᠮ ᠡᠴᠢᠭᠡ ᠶᠢᠨ ᠢᠶᠡᠨ ᠣᠪᠣᠭ ᠢ ᠳᠠᠭᠠᠳᠠᠭ᠃ 《 ᠮᠣᠩᠭᠣᠯ ᠤᠨ ᠨᠢᠭᠤᠴᠠ ᠲᠣᠪᠴᠢᠶᠠᠨ 》 ᠳᠤ ᠲᠡᠮᠳᠡᠭᠯᠡᠭᠰᠡᠨ ᠢᠶᠡᠷ ᠂ ᠡᠷᠲᠡᠨ ᠦ ᠡᠷᠡᠭᠲᠡᠢᠴᠦᠳ ᠣᠪᠣᠭ ᠲᠥᠷᠥᠯ ᠨᠡᠷ᠎ᠡ ᠪᠡᠷ ᠣᠪᠣᠭ ᠲᠥᠷᠥᠯ ᠢᠶᠠᠨ ᠨᠡᠷᠡᠢᠳᠬᠦ ᠵᠠᠩᠰᠢᠯ ᠲᠠᠢ ᠪᠠᠶᠢᠵᠠᠶ ᠃ ᠲᠡᠳᠡ ᠠᠮᠠᠨ ᠬᠦᠦᠷᠨᠢᠯ ᠦᠨ ᠬᠡᠯᠪᠡᠷᠢ ᠪᠡ ᠠᠮᠠᠨ ᠭᠡᠷ ᠦᠨ ᠴᠠᠳᠢᠭ ᠢᠶᠠᠨ ᠤᠯᠠᠮᠵᠢᠯᠠᠵᠤ ᠂ ᠡᠪᠦᠭᠡ ᠳᠡᠭᠡᠳᠦᠰ ᠵᠢᠴᠢ ᠲᠥᠷᠥᠯ ᠤᠭᠰᠠᠭ᠎ᠠ ᠶᠢᠨ ᠲᠤᠬᠠᠢ ᠳᠤᠷᠠᠰᠤᠮᠵᠢ ᠪᠠᠨ ᠬᠠᠳᠠᠭᠠᠯᠠᠳᠠᠭ ᠃ ᠮᠣᠩᠭᠣᠯ ᠦᠨᠳᠦᠰᠦᠲᠡᠨ ᠦ ᠲᠥᠷᠥᠯ ᠰᠠᠲᠤᠨ ᠤ ᠶᠣᠰᠣ ᠳᠦᠷᠢᠮ ᠳᠦ ᠨᠠᠭᠠᠴᠤ ᠪᠣᠯᠣᠭᠰᠠᠳ ᠬᠠᠮᠤᠭ ᠤᠨ ᠡᠷᠬᠢᠮ ᠬᠦᠨᠳᠦᠲᠦ ᠪᠠᠢᠷᠢ ᠰᠠᠭᠤᠷᠢ ᠳᠤ ᠪᠠᠶᠢᠵᠤ ᠂ ᠭᠡᠷ ᠪᠦᠯᠢ ᠶᠢᠨ ᠪᠦᠷᠢᠯᠳᠦᠬᠦᠨ ᠦ ᠨᠠᠰᠤᠨ ᠳᠤ ᠬᠦᠷᠦᠭᠰᠡᠳ ᠦᠨ ᠶᠣᠰᠣᠯᠠᠯ ᠳᠡᠭᠡᠷ᠎ᠡ ᠶᠡᠷᠦ ᠳᠡᠭᠡᠨ ᠨᠠᠭᠠᠴᠤ ᠪᠣᠯᠣᠭᠰᠠᠳ ᠶᠣᠰᠣᠯᠠᠯ ᠡᠷᠬᠢᠯᠡᠳᠡᠭ ᠃ ᠡᠢᠮᠦ ᠡᠴᠡ 《 ᠨᠠᠭᠠᠴᠤ ᠶᠢᠨ ᠰᠢᠷ᠎ᠠ ᠨᠣᠬᠠᠶ ᠨᠢ ᠴᠤ ᠡᠷᠬᠢᠮ 》 ᠭᠡᠳᠡᠭ ᠤᠯᠠᠮᠵᠢᠯᠠᠯ ᠶᠠᠷᠢᠶ᠎ᠠ ᠪᠠᠢᠳᠠᠭ ᠃ ᠡᠨᠡ ᠨᠢ ᠨᠢᠭᠡ ᠵᠦᠢᠯ ᠦᠨ ᠤᠵᠠᠭᠤᠷ ᠡᠷᠲᠡᠨ ᠦ ᠡᠬᠡᠴᠢᠯᠡᠯ ᠦᠨ ᠳᠦᠷᠢᠮ ᠤᠨ ᠦᠷᠭᠦᠯᠵᠢᠯᠡᠯ ᠪᠠ ᠦᠯᠡᠳᠡᠭᠳᠡᠯ ᠡᠴᠡ ᠪᠣᠯᠤᠭᠰᠠᠨ ᠪᠠᠶᠢᠵᠤ ᠮᠡᠳᠡᠬᠦ ᠶᠤᠮ ᠃
( ᠭᠤᠷᠪᠠ ) ᠲᠥᠷᠥᠯ ᠤᠭᠰᠠᠭ᠎ᠠ ᠶᠢᠨ ᠬᠡᠪᠴᠢᠶ᠎ᠡ ᠳᠠᠩ ᠴᠤᠯᠭᠤᠶ ᠂ ᠬᠥᠮᠥᠨ ᠴᠥᠭᠡᠨ ᠂ ᠣᠪᠣᠭ ᠲᠥᠷᠥᠯ ᠤᠨ ᠳᠣᠲᠣᠷᠠᠬᠢ ᠬᠠᠭᠠᠴᠠᠯ ᠪᠣᠲᠠᠷᠠᠯ ᠤᠯᠠᠨᠲᠠᠢ ᠂ ᠣᠪᠣᠭ ᠲᠥᠷᠥᠯ ᠤᠨ ᠪᠠᠶᠢᠭᠤᠯᠤᠯ ᠮᠠᠰᠢ ᠪᠠᠭᠤᠷᠠᠶ

ᠨᠡᠭᠦᠳᠡᠯ ᠮᠠᠯᠵᠢᠯ ᠤᠨ ᠨᠡᠢᠭᠡᠮ ᠦᠨ ᠬᠥᠳᠡᠯᠦᠩᠭᠦᠶ ᠨᠡᠢᠭᠡᠮ ᠦᠨ ᠬᠡᠯᠪᠡᠷᠢ ᠨᠢ ᠨᠡᠭᠦᠳᠡᠯ ᠮᠠᠯᠴᠢᠨ ᠤ ᠲᠥᠷᠥᠯ ᠤᠭᠰᠠᠭ᠎ᠠ ᠶᠢᠨ ᠬᠥᠭᠵᠢᠯᠲᠡ ᠶᠢᠨ ᠬᠡᠪᠴᠢᠶ᠎ᠡ ᠶᠢ ᠬᠢᠵᠠᠭᠠᠷᠯᠠᠪᠠ ᠃ ᠡᠳ᠋ ᠬᠥᠷᠥᠩᠭᠡ ᠶᠢᠨ ᠬᠤᠪᠢ ᠶᠢᠨ ᠥᠮᠴᠢᠯᠡᠯ ᠂ ᠬᠤᠪᠢ ᠡᠷᠦᠬᠡ ᠪᠡᠷ ᠨᠢᠭᠡᠴᠢ ᠪᠣᠯᠭᠠᠭᠰᠠᠨ ᠪᠠᠭ᠎ᠠ ᠬᠡᠪᠴᠢᠶᠡᠨ ᠦ ᠦᠢᠯᠡᠳᠪᠦᠷᠢᠯᠡᠯ ᠦᠨ ᠬᠡᠪ ᠵᠠᠭᠪᠤᠷ ᠂ ᠨᠡᠭᠦᠳᠡᠯ ᠮᠠᠯᠵᠢᠯ ᠤᠨ ᠨᠡᠢᠭᠡᠮ ᠦᠨ ᠲᠠᠷᠠᠬᠠᠶ ᠪᠤᠲᠠᠷᠬᠠᠶ ᠰᠠᠭᠤᠷᠢᠰᠢᠬᠤ ᠬᠡᠯᠪᠡᠷᠢ ᠪᠠᠢᠳᠠᠯ ᠵᠡᠷᠭᠡ ᠬᠦᠴᠦᠨ ᠵᠦᠢᠯ ᠨᠢ ᠲᠥᠷᠥᠯ ᠤᠭᠰᠠᠭ᠎ᠠ ᠶᠢᠨ ᠬᠡᠪᠴᠢᠶ᠎ᠡ ᠪᠠᠭ᠎ᠠ ᠪᠠᠶᠬᠤ ᠣᠨᠴᠠᠯᠢᠭ ᠢ ᠲᠣᠭᠲᠠᠭᠠᠭᠰᠠᠨ ᠪᠠᠢᠨ᠎ᠠ ᠃ ᠮᠠᠯ ᠠᠵᠤ ᠠᠬᠤᠢ ᠶᠢᠨ ᠨᠡᠢᠭᠡᠮ ᠦᠨ ᠲᠥᠷᠥᠯ ᠤᠭᠰᠠᠭ᠎ᠠ ᠶᠢᠨ ᠴᠠᠳᠢᠭ ᠳᠣᠲᠣᠷ᠎ᠠ ᠠᠴᠠ ᠲᠡᠭᠦᠨ ᠦ ᠦᠶ᠎ᠡ ᠤᠯᠠᠷᠢᠭᠰᠠᠨ ᠦᠷ᠎ᠡ ᠬᠣᠢᠴᠢᠰ ᠤᠨ ᠴᠠᠳᠢᠭ ᠤᠨ ᠰᠢᠰᠲ᠋ᠧᠮ ᠠᠮᠠᠷᠬᠠᠨ ᠬᠠᠭᠠᠴᠠᠨ ᠰᠠᠯᠪᠤᠷᠢᠯᠠᠵᠤ ᠬᠤᠪᠢᠷᠠᠭᠠᠳ ᠲᠡᠮᠲᠡᠭᠯᠡᠭᠳᠡᠬᠦ ᠦᠭᠡᠢ ᠪᠣᠯᠳᠠᠭ ᠦᠵᠡᠭᠳᠡᠯ ᠠᠵᠢᠭᠯᠠᠭᠳᠠᠳᠠᠭ ᠃
ᠪᠤᠷᠬᠠᠨ ᠱᠠᠰᠢᠨ ᠤ ᠤᠯᠠᠮᠵᠢᠯᠠᠭᠳᠠᠭᠰᠠᠨ ᠨᠡᠯᠢᠶᠡᠳ ᠣᠬᠣᠷᠬᠠᠨ ᠬᠤᠭᠤᠴᠠᠭᠠᠨ ᠳᠤ ᠦᠳᠲᠡᠷ ᠲᠦᠷᠭᠡᠨ ᠲᠦᠭᠡᠮᠡᠯᠵᠢᠭᠰᠡᠨ ᠶᠠᠪᠤᠳᠠᠯ ᠨᠢ ᠮᠣᠩᠭᠣᠯ ᠦᠨᠳᠦᠰᠦᠲᠡᠨ ᠦ ᠬᠥᠮᠥᠨ ᠠᠮᠠ ᠶᠢᠨ ᠪᠦᠲᠦᠴᠡ ᠶᠢᠨ ᠬᠤᠪᠢᠷᠠᠯᠲᠠ ᠶᠢ ᠠᠬᠢᠭᠤᠯᠤᠭᠰᠠᠨ ᠤ ᠤᠯᠠᠮ ᠢᠶᠠᠷ ᠂ ᠲᠥᠷᠥᠯ ᠤᠭᠰᠠᠭ᠎ᠠ ᠶᠢᠨ ᠵᠣᠬᠢᠶᠠᠨ ᠪᠠᠶᠢᠭᠤᠯᠤᠯᠲᠠ ᠶᠢᠨ ᠬᠡᠯᠪᠡᠷᠢ ᠶᠢ ᠵᠣᠬᠢᠬᠤ ᠬᠡᠮᠵᠢᠶ᠎ᠡ ᠪᠡᠷ ᠨᠥᠯᠥᠭᠡᠯᠡᠵᠦ ᠂ ᠣᠨᠴᠠᠭᠠᠢ ᠲᠡᠤᠬᠡᠨ ᠱᠠᠲᠤ ᠦᠶ᠎ᠡ ᠶᠢᠨ ᠭᠡᠷ ᠪᠦᠯᠢ ᠶᠢᠨ ᠬᠡᠯᠪᠡᠷᠢ ᠶᠢ ᠪᠦᠷᠢᠯᠳᠦᠭᠦᠯᠦᠭᠰᠡᠨ ᠪᠠᠢᠨ᠎ᠠ ᠃ ᠨᠢᠭᠡ ᠭᠡᠷ ᠲᠦ ᠠᠬ᠎ᠠ ᠳᠡᠭᠦᠦ ᠬᠣᠶᠠᠷ ᠪᠠᠢᠪᠠᠯ ᠡᠷᠬᠡᠪᠰᠢ ᠬᠠᠮᠤᠭ ᠤᠨ ᠰᠡᠴᠡᠨ ᠰᠡᠷᠭᠦᠯᠡᠩ ᠨᠢᠭᠡ ᠶᠢ ᠨᠢ ᠰᠦᠮ᠎ᠡ ᠬᠡᠶᠢᠳ ᠲᠦ ᠬᠦᠷᠭᠡᠵᠦ ᠯᠠᠮᠠ ᠪᠣᠯᠭᠠᠵᠤ ᠂ ᠨᠥᠭᠦᠭᠡ ᠨᠢᠭᠡ ᠨᠢ ᠭᠡᠷ ᠲᠤ ᠪᠠᠨ ᠬᠣᠴᠣᠷᠴᠤ ᠠᠮᠢᠳᠤᠷᠠᠳᠠᠭ ᠲᠤᠯᠠ ᠭᠡᠷ ᠪᠦᠯᠢ ᠲᠦᠷᠭᠡᠨ ᠢᠶᠡᠷ ᠪᠠᠭᠠᠰᠬᠤ ᠠᠶᠤᠯ ᠳᠤ ᠲᠤᠯᠭᠠᠷᠠᠳᠠᠭ ᠃ ᠢᠩᠭᠢᠭᠡᠳ ᠣᠯᠠᠩᠬᠢ ᠲᠦᠷᠦᠯ ᠤᠭᠰᠠᠭ᠎ᠠ ᠨᠢ ᠰᠢᠭᠤᠳ ᠴᠢᠰᠤᠨ ᠲᠦᠷᠦᠯ ᠪᠣᠯᠳᠠᠭ᠂ ᠰᠦᠮ᠎ᠡ ᠭᠡᠢᠳ ᠦᠨ ᠮᠠᠯ ᠣᠨᠣᠭ᠎ᠠ ᠶᠢ ᠬᠠᠷᠢᠭᠤᠯᠵᠤ ᠠᠮᠢᠳᠤᠷᠠᠵᠤ ᠪᠠᠢᠭᠰᠠᠨ ᠭᠠᠵᠠᠷ ᠣᠷᠣᠨ ᠳᠤ ᠭᠡᠷ ᠪᠦᠯᠢ ᠲᠤᠯᠭᠠᠭᠤᠷᠢ᠂ ᠦᠢᠯᠡᠳᠪᠦᠷᠢᠯᠡᠯ ᠦᠨ ᠭᠣᠣᠯ ᠬᠦᠴᠦᠨ ᠪᠣᠯᠵᠤ ᠂ ᠭᠡᠷ ᠠᠳᠠᠯ ᠬᠥᠷᠥᠩᠭᠡ ᠪᠠᠨ ᠲᠣᠳᠤᠮᠳᠠᠵᠤ ᠪᠠᠶᠢᠵᠠᠶ ᠃