ᠵᠤᠬᠢᠶᠠᠭᠴᠢ:
ᠴᠠᠭ:2019-06-21
ᠥᠵᠡᠭᠰᠡᠨ : ℃
ᠢᠷᠡᠯᠲᠡ:
ᠦᠨᠳᠦᠰᠦᠲᠡᠨ ᠪᠦᠵᠢᠭᠳᠦ ᠵᠦᠴᠦᠭᠡ 《ᠳᠠᠯ᠎ᠠ ᠨᠤᠳᠤᠭ ᠪᠢᠴᠢᠬᠠᠨ ᠪᠠᠭᠠᠳᠤᠷ ᠡᠭᠡᠴᠢ ᠦᠬᠢᠨ ᠳᠡᠭᠦᠦ》 ᠬᠦᠬᠡᠬᠤᠳᠠ ᠳᠤᠬᠯᠠᠪᠠ ᠯᠢ ᠵᠢᠢ ᠡᡁᠧᠩ ᠵᠦᠴᠦᠭᠡ ᠰᠣᠨᠢᠷᠬᠠᠵᠠᠢ
2019 ᠣᠨ 6 ᠳ᠋ᠤᠭᠠᠷ ᠰᠠᠷ᠎ᠠ 18 ᠤᠷᠤᠢ᠂ ᠦᠨᠳᠦᠰᠦᠲᠡᠨ ᠪᠦᠵᠢᠭᠳᠦ ᠵᠦᠴᠦᠭᠡ 《ᠳᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠳᠡᠭᠦᠦ》 ᠪᠦᠬᠦ ᠳᠤᠭᠯᠠᠭᠴᠢᠳ ᠠᠷᠪᠠᠨ ᠵᠢᠷᠭᠤᠳᠤᠭᠠᠷ ᠬᠤᠭᠤᠴᠠᠭᠠᠨ ᠳᠤᠮᠳᠠᠳᠦ ᠤᠯᠤᠰ ᠰᠤᠶᠤᠯ ᠤᠷᠠᠯᠢᠭ ᠵᠠᠰᠠᠭ ᠤᠷᠳᠤᠨ ᠱᠠᠩᠨᠠᠯ ᠪᠤᠯᠬᠤ 《ᠸᠧᠨ ᠬᠤᠸᠠ ᠲᠤᠮᠤ ᠱᠠᠩᠨᠠᠯ》 ᠬᠦᠷᠳᠡᠭᠰᠡᠨ ᠰᠠᠶᠢᠬᠠᠨ ᠰᠤᠷᠠᠭ ᠡᠪᠦᠷᠯᠡᠨ ᠬᠦᠬᠡᠬᠤᠳᠠ ᠳᠤ ᠪᠠᠨ ᠪᠤᠴᠠᠵᠤ᠂ ᠤᠯᠠᠭᠠᠨ ᠲᠢᠶᠠᠲᠷ ᠶᠡᠭᠡ ᠵᠦᠴᠦᠭᠡ ᠶᠢᠨ ᠬᠦᠷᠢᠶᠡᠯᠡᠩ ᠳᠤ ᠲᠣᠭᠯᠠᠪᠠ᠃
ᠦᠪᠡᠷᠳᠡᠭᠡᠨ ᠵᠠᠰᠠᠬᠤ ᠤᠷᠤᠨ ᠤ ᠨᠠᠮ ᠤᠨ ᠬᠤᠷᠢᠶᠠᠨ ᠤ ᠱᠦᠵᠢ᠂ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠯᠢ ᠵᠢᠢ ᠡᡁᠧᠩ᠂ ᠦᠪᠡᠷᠳᠡᠭᠡᠨ ᠵᠠᠰᠠᠬᠤ ᠤᠷᠤᠨ ᠤ ᠤᠳᠤᠷᠢᠳᠤᠯᠭ᠎ᠠ ᠯᠢᠨ ᠱᠤᠤ ᠴᠦᠨ᠂ ᠸᠠᠩ ᠯᠢ ᠰᠢᠶᠠ᠂ ᠪᠠᠢ ᠢᠦᠢ ᠭᠠᠩ᠂ ᠵᠠᠩ ᠱᠤᠤ ᠴᠦᠨ᠂ ᠦ᠋ ᠲᠤᠸᠠᠨ ᠶᠢᠩ᠂ ᠵᠧᠩ ᠬᠤᠩ ᠹᠠᠨ᠂ ᠴᠡᠴᠡᠭ᠂ ᠯᠢ ᠴᠢ ᠯᠢᠨ ᠨᠠᠷ ᠬᠦᠬᠡᠬᠤᠳᠠ ᠶᠢᠨ ᠦᠨᠳᠦᠰᠦᠲᠡᠨ ᠨᠦᠭᠦᠳ ᠤᠨ ᠡᠯ᠎ᠡ ᠡᠳᠡᠭᠡᠳ ᠤᠨ ᠤᠯᠠᠨ ᠲᠦᠮᠡᠨ ᠲᠠᠢ ᠬᠠᠮᠳᠤ ᠵᠦᠴᠦᠭᠡ ᠶᠢ ᠰᠤᠨᠢᠷᠬᠠᠪᠠ᠃
ᠪᠦᠵᠢᠭᠳᠦ ᠵᠦᠴᠦᠭᠡ ᠨᠢ ᠤᠳᠤ ᠦᠶ᠎ᠡ ᠶᠢᠨ ᠪᠠᠭ᠎ᠠ ᠰᠤᠷᠭᠠᠭᠤᠯᠢ ᠶᠢᠨ ᠰᠤᠷᠤᠭᠴᠢᠳ ᠠᠩᠬᠢ ᠶᠢᠨ ᠬᠡᠷ ᠲᠤ ᠪᠠᠨ 《ᠳᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠳᠡᠭᠦᠦ》 ᠬᠡᠬᠦ ᠬᠢᠴᠢᠶᠡᠯ ᠢ ᠤᠩᠰᠢᠵᠤ ᠪᠠᠶᠢᠭ᠎ᠠ ᠦᠵᠡᠭᠳᠡᠯ ᠢᠶᠠᠷ ᠬᠦᠰᠢᠭᠡ ᠪᠠᠨ ᠨᠡᠭᠡᠭᠡᠵᠦ᠂ ᠬᠦᠡᠭᠭᠡᠨ ᠴᠤᠪᠤᠭᠤᠯᠢᠭ ᠠᠶ᠎ᠠ ᠪᠠᠷ ᠡᠷᠭᠡᠯᠡᠨ ᠳᠤᠭᠯᠠᠵᠤ ᠪᠠᠶᠢᠭᠰᠠᠨ ᠦᠵᠡᠭᠳᠡᠯ ᠨᠢ ᠦᠵᠡᠭᠴᠢ ᠤᠯᠠᠨ ᠢ 55 ᠵᠢᠯ ᠤᠨ ᠡᠮᠦᠨᠡᠬᠢ ᠦᠪᠦᠷ ᠮᠤᠩᠭᠤᠯ ᠤᠨ ᠳᠠᠯ᠎ᠠ ᠨᠤᠳᠤᠭ ᠲᠤ ᠬᠦᠳᠦᠯᠦᠨ ᠤᠷᠤᠭᠤᠯᠪᠠ᠃ ᠨᠢᠭᠡᠳᠦᠭᠡᠷ ᠬᠢᠴᠢᠶᠠᠯ᠂ ᠬᠤᠶᠠᠳᠤᠭᠠᠷ ᠬᠢᠴᠢᠶᠠᠯ ᠬᠡᠬᠦ ᠲᠡᠰ ᠳᠠᠷᠠᠭᠠᠯᠠᠯ ᠢᠶᠠᠷ ᠂ ᠤᠳᠤ ᠦᠶ᠎ᠡ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠠᠷᠭ᠎ᠠ ᠪᠠᠷᠢᠯ ᠬᠢᠬᠡᠳ ᠴᠤ᠋ ᠰᠢᠨ᠎ᠡ ᠢᠯᠡᠳᠭᠡᠬᠦ ᠬᠡᠯᠪᠡᠷᠢ ᠪᠠᠷ ᠯᠦᠩ ᠮᠸᠢ ᠢᠦᠢ ᠷᠦᠩ ᠤᠨ ᠴᠠᠰᠤ ᠰᠢᠭᠤᠷᠭᠠᠨ ᠲᠠᠢ 24 ᠴᠠᠭ ᠡᠷᠡᠯᠭᠡᠭᠯᠡᠨ ᠳᠡᠮᠡᠴᠡᠭᠰᠡᠨ ᠶᠠᠪᠤᠴᠠ ᠶᠢ ᠪᠦᠵᠢᠭ ᠤᠨ ᠳᠠᠶᠢᠰᠠᠨ᠎ᠠ ᠠᠮᠢᠯᠠᠭᠤᠯᠵᠤ᠂ ᠬᠦᠮᠦᠰ ᠤᠨ ᠰᠠᠶᠢᠨ ᠮᠡᠳᠡᠳᠡᠭ ᠳᠠᠯ᠎ᠠ ᠨᠤᠳᠤᠭ ᠤᠨ ᠪᠢᠴᠢᠬᠠᠨ ᠪᠠᠭᠠᠳᠤᠷ ᠡᠭᠡᠴᠢ ᠦᠬᠢᠨ ᠳᠡᠭᠦᠦ ᠶᠢᠨ ᠪᠠᠭᠠᠳᠤᠷᠯᠢᠭ ᠦᠢᠯᠡ ᠠᠵᠢᠯᠯᠠᠭ᠎ᠠ ᠬᠢᠬᠡᠳ ᠵᠤᠷᠢᠭ ᠰᠠᠨᠠᠭ᠎ᠠ ᠶᠢ ᠭᠤᠶᠢᠳᠠ ᠰᠠᠶᠢᠬᠠᠨ ᠪᠦᠵᠢᠭ ᠤᠨ ᠬᠡᠯᠪᠡᠷᠢ ᠪᠠᠷ ᠢᠯᠡᠷᠡᠭᠦᠯᠦᠭᠰᠡᠨ ᠪᠠᠶᠢᠨ᠎ᠠ᠃ ᠲᠤᠰ ᠪᠦᠵᠢᠭᠳᠦ ᠵᠦᠴᠦᠭᠡ ᠨᠢ ᠪᠦᠵᠢᠭ ᠤᠨ ᠬᠡᠯᠡᠯᠭᠡ᠂ ᠠᠭᠤᠯᠭ᠎ᠠ ᠶᠢᠨ ᠪᠦᠳᠦᠴᠡ᠂ ᠠᠶ᠎ᠠ ᠬᠦᠭᠵᠢᠮ᠂ ᠳᠠᠶᠢᠰᠠᠨ ᠤ ᠦᠵᠡᠭᠳᠡᠯ᠂ ᠬᠤᠪᠴᠠᠰᠤ ᠵᠠᠰᠠᠯ᠂ ᠦᠩᠬᠡ ᠪᠤᠳᠤᠭ᠂ ᠬᠡᠷᠡᠯ ᠵᠡᠷᠭᠡ ᠤᠯᠠᠨ ᠳᠠᠯ᠎ᠠ ᠪᠠᠷ ᠰᠢᠨ᠎ᠡ ᠡᠭᠦᠳᠦᠯᠳᠡ ᠶᠢᠨ ᠬᠠᠶᠢᠨ ᠰᠦᠪᠡᠭᠴᠢᠯᠡᠯᠳᠡ ᠬᠢᠵᠤ᠂ ᠮᠠᠰᠢ ᠴᠢᠩᠭ᠎ᠠ ᠦᠵᠡᠯ ᠰᠠᠨᠠᠭᠠᠴᠢ ᠴᠢᠨᠠᠷ᠂ ᠤᠷᠠᠯᠢᠭᠴᠢ ᠴᠢᠨᠠᠷ᠂ ᠰᠤᠨᠢᠷᠬᠠᠯᠳᠤ ᠰᠢᠨᠵᠢ᠂ ᠴᠠᠭ ᠦᠶᠡᠴᠢ ᠰᠢᠨᠵᠢ ᠲᠠᠢ ᠪᠤᠯᠵᠤ᠂ ᠦᠵᠡᠭᠴᠢ ᠤᠯᠠᠨ ᠳᠤ ᠭᠤᠸ᠎ᠠ ᠰᠠᠶᠢᠬᠠᠨ ᠤ ᠳᠠᠭᠠᠰᠢᠶᠠᠯ ᠬᠢᠬᠡᠳ ᠤᠶᠤᠨ ᠰᠠᠨᠠᠭᠠᠨ ᠤ ᠬᠦᠷᠳᠡᠭᠡᠯ ᠣᠯᠭᠤᠵᠤ ᠴᠢᠳᠠᠪᠠ᠃