ᠵᠤᠬᠢᠶᠠᠭᠴᠢ:
ᠴᠠᠭ:2019-06-20
ᠥᠵᠡᠭᠰᠡᠨ : ℃
ᠢᠷᠡᠯᠲᠡ:
ᠠᠯᠲᠠᠨ

ᠮᠢᠩ ᠤᠯᠤᠰ ᠮᠣᠩᠭᠣᠯ ᠭᠡᠳᠡᠭ ᠨᠢ ᠴᠢᠩᠭᠢᠰ ᠬᠠᠭᠠᠨ ᠤ ᠬᠣᠶᠢᠴᠢ ᠦᠶ᠎ᠡ ᠶᠢᠨ ᠬᠢᠨ ᠪᠣᠯᠤᠨ᠎ᠠ ᠃ ᠣᠪᠣᠭ ᠨᠢ ᠪᠣᠷᠵᠢᠨ ᠭᠡᠳᠡᠭ ᠃ ᠳᠠᠶᠠᠨ ᠬᠠᠭᠠᠨ ᠵᠡᠭᠦᠨ ᠮᠣᠩᠭᠣᠯ ᠢ ᠳᠠᠬᠢᠨ ᠨᠢᠭᠡᠳᠬᠡᠬᠦ ᠡᠴᠡ ᠡᠮᠦᠨ᠎ᠡ ᠂ ᠶᠡᠬᠡ ᠬᠠᠭᠠᠨ ᠤ ᠡᠷᠬᠡ ᠠᠭᠠᠵᠢᠮ ᠢᠶᠠᠷ ᠪᠠᠭᠤᠷᠠᠭᠰᠠᠨ ᠪᠠ ᠬᠠᠷᠢ ᠣᠪᠣᠭ ᠤᠨ ᠬᠠᠮᠵᠢᠯᠭ᠎ᠠ ᠶᠢᠨ ᠡᠵᠡᠨ ᠭᠠᠳᠠᠭᠤᠷᠴᠢᠯᠠᠭᠰᠠᠨ ᠠᠴᠠ ᠪᠣᠯᠵᠤ ᠂ ᠠᠯᠲᠠᠨ ᠡᠳᠦᠷ ᠢᠷᠡᠬᠦᠶ᠎ᠡ ᠳᠣᠷᠣᠢᠲᠠᠪᠠ ᠃ ᠬᠡᠳᠦᠶᠢᠪᠡᠷ ᠡᠨᠡ ᠳᠤ ᠮᠣᠩᠭᠣᠯ ᠤᠨ ᠶᠡᠬᠡ ᠬᠠᠭᠠᠨ ᠡᠷᠬᠡᠪᠰᠢ ᠠᠯᠲᠠᠨ ᠣᠷᠣᠭᠳᠠᠨ ᠤ ᠪᠦᠷᠢᠯᠳᠦᠬᠦᠨ ᠂ ᠠᠯᠲᠠᠨ ᠴᠦ ᠤᠳᠤᠮᠰᠢᠯᠲᠤ ᠦᠵᠡᠯᠲᠡ ᠳᠦ ᠬᠦᠨᠳᠦᠳᠬᠡᠭᠳᠡᠵᠦ ᠪᠠᠢᠭᠰᠠᠨ ᠪᠣᠯᠪᠠᠴᠤ ᠪᠣᠳᠠᠲᠠᠶ ᠡᠷᠬᠡ ᠪᠣᠯᠤᠨ ᠠᠰᠢᠭ ᠲᠤᠰᠠ ᠶᠢᠨ ᠥᠷᠢᠰᠥᠯᠳᠦᠭᠡᠨ ᠳᠤᠮᠳᠠ ᠠᠯᠲᠠᠨ ᠣᠷᠣᠭᠳᠠᠨ ᠤ ᠪᠦᠬᠦᠯᠢ ᠴᠣᠭᠴᠠ ᠶᠢᠨ ᠪᠠᠢᠳᠠᠯ ᠲᠡᠢᠮᠦ ᠰᠠᠢᠨ ᠪᠢᠰᠢ ᠪᠠᠶᠢᠵᠠᠶ ᠃

ᠳᠠᠶᠠᠨ ᠬᠠᠭᠠᠨ ᠵᠡᠭᠦᠨ ᠮᠣᠩᠭᠣᠯ ᠢ ᠳᠠᠬᠢᠨ ᠨᠢᠭᠡᠳᠬᠡᠭᠰᠡᠨ ᠳᠠᠷᠠᠭ᠎ᠠ ᠂ ᠵᠢᠷᠭᠤᠭᠠᠨ ᠳᠠᠬᠢᠨ ᠪᠠᠢᠭᠤᠯᠵᠤ ᠂ ᠣᠯᠠᠨ ᠬᠥᠪᠡᠭᠦᠳ ᠡᠯ᠎ᠡ ᠂ ᠡᠯ᠎ᠡ ᠠᠢᠮᠠᠭ ᠲᠥᠷᠥᠬᠦᠦ ᠪᠣᠯᠭᠠᠨ ᠡᠷᠭᠦᠮᠵᠢᠯᠡᠵᠦ ᠂ ᠬᠠᠭᠠᠨ ᠤ ᠡᠷᠬᠡ ᠪᠣᠯᠤᠨ ᠠᠯᠲᠠᠨ ᠰᠦᠷ ᠬᠦᠴᠦᠨ ᠃ ᠡᠭᠦᠨ ᠡᠴᠡ ᠬᠣᠶᠢᠰᠢ ᠮᠣᠩᠭᠣᠯ ᠤᠨ ᠶᠡᠬᠡ ᠬᠠᠭᠠᠨ ᠂ ᠡᠯ᠎ᠡ ᠡᠯ᠎ᠡ ᠠᠢᠮᠠᠭ ᠤᠨ ᠲᠥᠷᠥᠬᠦᠦ ᠴᠢᠨᠠᠭᠰᠢᠯᠠᠪᠠᠯ ᠴᠢᠩ ᠣᠷᠣᠭᠰᠠᠨ ᠤ ᠳᠠᠷᠠᠭ᠎ᠠ ᠳᠣᠲᠣᠭᠠᠳᠤ ᠮᠣᠩᠭᠣᠯ ᠂ ᠭᠠᠳᠠᠭᠠᠳᠤ ᠮᠣᠩᠭᠣᠯ ᠤᠨ ᠡᠯ᠎ᠡ ᠬᠣᠰᠢᠭᠤᠨ ᠤ ᠲᠥᠷᠥᠬᠦᠦ ᠸᠠᠩ ᠭᠦᠩ ᠨᠠᠷ ᠪᠠᠷᠤᠭ ᠪᠦᠬᠦᠨ ᠢᠶᠡᠷ ᠢᠶᠡᠨ ᠠᠯᠲᠠᠨ ᠪᠦᠷᠢᠯᠳᠦᠬᠦᠨ ᠪᠣᠯᠤᠭᠰᠠᠨ ᠪᠠᠢᠨ᠎ᠠ ᠃ ᠡᠳᠡᠭᠡᠷ ᠲᠦᠷᠦᠭᠦᠴᠦᠳ ᠂ ᠸᠠᠩ ᠭᠦᠩ ᠵᠢᠴᠢ ᠡᠯ᠎ᠡ ᠲᠠᠢᠵᠢ ᠦᠶ᠎ᠡ ᠵᠠᠯᠭᠠᠮᠵᠢᠯᠠᠬᠤ ᠢᠵᠠᠭᠤᠷᠲᠠᠨ ᠤ ᠮᠤᠨᠳᠠᠭ ᠪᠦᠯᠦᠭ ᠪᠣᠯᠵᠤ ᠪᠦᠷᠢᠯᠳᠦᠭᠰᠡᠨ ᠪᠠᠢᠨ᠎ᠠ ᠃