ᠵᠤᠬᠢᠶᠠᠭᠴᠢ:
ᠴᠠᠭ:2019-06-19
ᠥᠵᠡᠭᠰᠡᠨ : ℃
ᠢᠷᠡᠯᠲᠡ:
《 ᠬᠢᠳᠠᠳ ᠮᠤᠩᠭ᠋ᠤᠯ ᠠᠩᠭ᠍ᠯᠢ ᠶᠠᠫᠤᠨ ᠲᠤᠮᠤ ᠲᠤᠯᠢ》 ᠶᠢ 2020 ᠤᠨ ᠨᠠᠶᠢᠷᠠᠭᠤᠯᠵᠤ ᠳᠠᠭᠤᠰᠬᠠᠵᠤ ᠪᠣᠯᠣᠨ᠎ᠠ
2019 ᠣᠨ ᠤ 6 ᠳ᠋ᠤᠭᠠᠷ ᠰᠠᠷ᠎ᠠ ᠶᠢᠨ 13 ᠤ ᠡᠳᠤᠷ᠂ 《ᠬᠢᠳᠠᠳ ᠮᠤᠩᠭ᠋ᠤᠯ ᠠᠩᠭ᠍ᠯᠢ ᠶᠠᠫᠤᠨ ᠲᠤᠮᠤ ᠲᠤᠯᠢ》 ᠶ᠋ᠢᠨ ᠠᠨᠠᠭᠠᠬᠤ ᠤᠬᠠᠭᠠᠨ ᠤ ᠭᠠᠳᠠᠭᠠᠳᠤ ᠬᠡᠯᠡᠨ ᠤ ᠨᠡᠷ᠎ᠡ ᠲᠤᠮᠢᠶᠠᠨ ᠤ ᠰᠤᠳᠤᠯᠤᠨ ᠶᠠᠷᠢᠯᠴᠠᠬᠤ ᠬᠤᠷᠠᠯ ᠡᠴᠡ ᠤᠶᠢᠯᠠᠭᠠᠭᠰᠠᠨ ᠢᠶᠡᠷ᠂ 《ᠬᠢᠳᠠᠳ ᠮᠤᠩᠭ᠋ᠤᠯ ᠠᠩᠭ᠍ᠯᠢ ᠶᠠᠫᠤᠨ ᠲᠤᠮᠤ ᠲᠤᠯᠢ》 ᠶ᠋ᠢ ᠨᠠᠶᠢᠷᠠᠭᠤᠯᠬᠤ ᠠᠵᠢᠯ ᠲᠡᠬᠦᠰᠬᠡᠯ ᠱᠠᠲᠤ ᠦᠶ᠎ᠡ ᠳᠤ ᠪᠠᠨ ᠤᠷᠤᠵᠤ᠂ 2020 ᠤᠨ ᠳᠤ ᠪᠦᠬᠦᠨ ᠢ ᠲᠠᠭᠤᠰᠬᠠᠬᠤ ᠪᠤᠯᠤᠨ᠎ᠠ᠃
《ᠬᠢᠳᠠᠳ ᠮᠤᠩᠭ᠋ᠤᠯ ᠠᠩᠭ᠍ᠯᠢ ᠶᠠᠫᠤᠨ ᠲᠤᠮᠤ ᠲᠤᠯᠢ》 ᠨᠢ ᠨᠡᠶᠢᠬᠡᠮ ᠤᠨ ᠰᠢᠨᠵᠢᠯᠡᠬᠦ ᠤᠬᠠᠭᠠᠨ᠂ ᠪᠠᠶᠢᠭᠠᠯᠢ ᠶᠢᠨ ᠰᠢᠨᠵᠢᠯᠡᠬᠦ ᠤᠬᠠᠭᠠᠨ᠂ ᠴᠡᠷᠢᠭ᠌᠌ ᠤᠨ ᠶᠠᠪᠤᠳᠠᠯ᠂ ᠠᠯᠪᠠᠨ ᠪᠢᠴᠢᠭ᠌᠌ ᠪᠤᠯᠤᠨ ᠠᠨᠠᠭᠠᠬᠤ ᠤᠬᠠᠭᠠᠨ ᠵᠡᠷᠬᠡ ᠲᠠᠪᠤᠨ ᠲᠦᠷᠦᠯ ᠤᠨ ᠠᠭᠤᠯᠭ᠎ᠠ ᠶᠢ ᠬᠠᠮᠤᠷᠤᠭᠰᠠᠨ ᠬᠢᠳᠠᠳ ᠮᠤᠩᠭ᠋ᠤᠯ ᠠᠩᠭ᠍ᠯᠢ ᠶᠠᠫᠤᠨ ᠲᠦᠷᠪᠡᠨ ᠬᠡᠯᠡᠨ ᠤ ᠬᠠᠷᠢᠴᠠᠭᠤᠯᠤᠭᠰᠠᠨ ᠲᠤᠯᠢ ᠪᠤᠯᠤᠨ᠎ᠠ᠃ ᠡᠬᠦᠨ ᠳᠤ ᠪᠠᠶᠢᠩᠭ᠋ᠤ ᠬᠡᠷᠡᠭᠯᠡᠭᠳᠡᠬᠦ ᠬᠢᠳᠠᠳ ᠦᠬᠡᠰ ᠤᠨ ᠮᠠᠲ᠋ᠧᠷᠢᠶᠠᠯ ᠢᠶᠡᠷ ᠡᠬᠡ ᠲᠡᠪᠳᠡᠷ ᠪᠤᠯᠭᠠᠵᠤ ᠤᠯᠠᠨ ᠲᠦᠷᠦᠯ ᠤᠨ ᠬᠢᠳᠠᠳ ᠮᠤᠩᠭ᠋ᠤᠯ ᠲᠤᠯᠢ ᠳᠤ ᠰᠠᠭᠤᠷᠢᠯᠠᠨ ᠨᠡᠶᠢᠬᠡᠮ ᠨᠡᠶᠢᠳᠡ ᠶᠢᠨ ᠡᠯ᠎ᠡ ᠬᠦᠷᠢᠶ᠎ᠡ ᠴᠠᠷᠠᠭᠠᠨ ᠳ᠋ᠡᠬᠢ ᠮᠤᠩᠭ᠋ᠤᠯ ᠪᠢᠴᠢᠭ᠌᠌ ᠤᠨ ᠠᠵᠢᠯ ᠵᠢᠴᠢ ᠤᠷᠴᠢᠭᠤᠯᠭ᠎ᠠ ᠶᠢᠨ ᠦᠢᠯᠡᠳᠤᠯᠬᠡ ᠡᠴᠡ ᠬᠤᠷᠠᠮᠳᠤᠭᠤᠯᠤᠭᠰᠠᠨ ᠰᠢᠨ᠎ᠡ ᠨᠡᠷ᠎ᠡ ᠲᠤᠮᠢᠶ᠎ᠠ ᠪᠤᠯᠤᠨ ᠠᠳᠠᠯᠢ ᠪᠤᠰᠤ ᠤᠷᠴᠢᠭᠤᠯᠬᠤ ᠠᠷᠭ᠎ᠠ ᠶᠢ ᠴᠤᠭᠯᠠᠭᠤᠯᠵᠤ᠂ ᠨᠧᠲ ᠤᠨ ᠠᠷᠭ᠎ᠠ ᠪᠤᠯᠤᠨ ᠬᠠᠮ ᠬᠠᠳᠠᠭᠠᠯᠠᠯᠳᠠ ᠶᠢᠨ ᠮᠡᠷᠬᠡᠵᠢᠯ ᠢ ᠠᠰᠢᠭᠯᠠᠨ ᠬᠢᠳᠠᠳ ᠮᠤᠩᠭ᠋ᠤᠯ ᠠᠩᠭ᠍ᠯᠢ ᠶᠠᠫᠤᠨ ᠬᠡᠯᠡᠨ ᠤ ᠤᠷᠴᠢᠭᠤᠯᠭ᠎ᠠ ᠶᠢᠨ ᠰᠠᠭᠤᠷᠢ ᠳ᠋ᠡᠶᠢᠲ᠋ᠠ ᠬᠦᠮᠦᠷᠬᠡ ᠶᠢ ᠪᠠᠶᠢᠭᠤᠯᠵᠤ᠂ ᠳᠠᠷᠠᠭ᠎ᠠ ᠨᠢ ᠨᠡᠬᠡᠬᠡᠯᠳᠡ ᠲᠠᠢ ᠤᠯᠠᠨ ᠬᠡᠯᠡᠨ ᠤ ᠤᠷᠴᠢᠭᠤᠯᠭ᠎ᠠ ᠶᠢᠨ ᠲᠠᠪᠴᠠᠩ᠂ ᠴᠠᠬᠢᠮ ᠲᠤᠯᠢ ᠶᠢ ᠪᠠᠶᠢᠭᠤᠯᠬᠤ ᠪᠦᠭᠡᠳ ᠴᠠᠭᠠᠰᠤᠨ ᠬᠡᠪᠯᠡᠯ ᠤᠨ ᠲᠤᠯᠢ ᠶᠢ ᠬᠡᠪᠯᠡᠬᠦᠯᠬᠦ ᠪᠤᠯᠤᠨ᠎ᠠ᠃ ᠲᠤᠰ ᠲᠤᠯᠢ ᠶᠢ 2012 ᠤᠨ ᠳᠤ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠡᠴᠡ ᠵᠤᠬᠢᠶᠠᠨ ᠪᠠᠶᠢᠭᠤᠯᠵᠤ ᠨᠠᠶᠢᠷᠠᠭᠤᠯᠵᠤ ᠡᠬᠢᠯᠡᠭᠰᠡᠨ ᠪᠦᠬᠡᠳ ᠦᠪᠦᠷ ᠮᠤᠩᠭ᠋ᠤᠯ ᠤᠨ ᠶᠡᠬᠡ ᠰᠤᠷᠭᠠᠭᠤᠯᠢ ᠶᠢᠨ ᠮᠤᠩᠭ᠋ᠤᠯ ᠬᠡᠯᠡᠨ ᠤ ᠡᠬᠢ ᠰᠤᠷᠪᠤᠯᠵᠢ ᠪᠤᠯᠤᠨ ᠢᠨᠵᠧᠨᠧᠷᠢᠩ ᠤᠨ ᠮᠡᠷᠬᠡᠵᠢᠯ ᠤᠨ ᠪᠠᠭ ᠡᠴᠡ ᠮᠡᠷᠭᠡᠵᠢᠯ ᠤᠨ ᠲᠡᠮᠵᠢᠯᠬᠡ ᠬᠠᠩᠭ᠋ᠠᠵᠤ ᠪᠤᠢ᠃
ᠣᠳᠣᠬᠠᠨ ᠳᠤ᠂ ᠨᠢᠭᠡᠨᠳᠡ 50 ᠲᠦᠮᠡᠨ ᠦᠬᠡ ᠲᠠᠢ ᠬᠢᠳᠠᠳ ᠮᠤᠩᠭ᠋ᠤᠯ ᠲᠤᠯᠢ ᠶᠢᠨ ᠳ᠋ᠡᠶᠢᠲ᠋ᠠ ᠬᠦᠮᠦᠷᠬᠡ ᠪᠠᠶᠢᠭᠤᠯᠤᠭᠠᠳ ᠪᠤᠢ᠂ ᠮᠦᠨ ᠴᠤ ᠨᠡᠶᠢᠬᠡᠮ ᠤᠨ ᠰᠢᠨᠵᠢᠯᠡᠬᠦ ᠤᠬᠠᠭᠠᠨ᠂ ᠪᠠᠶᠢᠭᠠᠯᠢ ᠶᠢᠨ ᠰᠢᠨᠵᠢᠯᠡᠬᠦ ᠤᠬᠠᠭᠠᠨ᠂ ᠴᠡᠷᠢᠭ᠌᠌ ᠤᠨ ᠶᠠᠪᠤᠳᠠᠯ ᠪᠤᠯᠤᠨ ᠠᠯᠪᠠᠨ ᠪᠢᠴᠢᠭ᠌᠌ ᠤᠨ ᠲᠦᠷᠦᠯ ᠤᠨ ᠠᠭᠤᠯᠭ᠎ᠠ ᠶᠢ ᠨᠢᠬᠡᠨᠳᠡ ᠠᠩᠭ᠍ᠯᠢ᠂ ᠶᠠᠫᠤᠨ ᠬᠡᠯᠡᠨ ᠳᠤ ᠤᠷᠴᠢᠭᠤᠯᠵᠤ ᠲᠠᠭᠤᠰᠬᠠᠭᠠᠳ ᠪᠤᠢ᠃ ᠠᠨᠠᠭᠠᠬᠤ ᠤᠬᠠᠭᠠᠨ ᠤ ᠲᠦᠷᠦᠯ ᠤᠨ ᠠᠭᠤᠯᠭ᠎ᠠ ᠶᠢ ᠠᠩᠭ᠍ᠯᠢ᠂ ᠶᠠᠫᠤᠨ ᠬᠡᠯᠡᠨ ᠳᠤ ᠤᠷᠴᠢᠭᠤᠯᠬᠤ ᠠᠵᠢᠯ ᠢ ᠡᠷᠴᠢᠮᠲᠡᠢ ᠶᠠᠪᠤᠭᠳᠠᠭᠤᠯᠵᠤ ᠪᠠᠶᠢᠨ᠎ᠠ᠃ ᠲᠤᠰ ᠲᠤᠯᠢ ᠶᠢ ᠠᠯᠪᠠᠨ ᠪᠢᠴᠢᠭ᠌᠌᠂ ᠬᠡᠪᠯᠡᠯ ᠮᠡᠳᠡᠬᠡᠯᠡᠯ᠂ ᠨᠡᠶᠢᠬᠡᠮ ᠨᠡᠶᠢᠳᠡ ᠶᠢᠨ ᠦᠢᠯᠡᠴᠢᠯᠡᠬᠡᠨ ᠤ ᠠᠵᠢᠯ ᠲᠦᠷᠦᠯ ᠤᠨ ᠤᠷᠴᠢᠭᠤᠯᠭ᠎ᠠ ᠶᠢ ᠪᠠᠭᠠᠵᠢ ᠪᠡᠷ ᠠᠰᠢᠭᠯᠠᠵᠤ᠂ 2020 ᠤᠨ ᠤ ᠰᠡᠬᠦᠯᠴᠢ ᠪᠤᠯᠬᠤ ᠳᠤ ᠴᠠᠬᠢᠮ ᠲᠤᠯᠢ ᠪᠤᠯᠤᠨ ᠴᠠᠭᠠᠰᠤᠨ ᠬᠡᠪᠯᠡᠯ ᠤᠨ ᠲᠤᠯᠢ ᠨᠢ ᠴᠦᠮ ᠠᠰᠢᠭᠯᠠᠯᠳᠠ ᠳᠤ ᠤᠷᠤᠬᠤ ᠪᠤᠯᠤᠨ᠎ᠠ᠃