ᠵᠤᠬᠢᠶᠠᠭᠴᠢ:
ᠴᠠᠭ:2019-06-03
ᠥᠵᠡᠭᠰᠡᠨ : ℃
ᠢᠷᠡᠯᠲᠡ:
ᠵᠠᠰᠠᠭ ᠵᠠᠬᠢᠷᠭᠠᠨ ᠤ ᠣᠷᠣᠨ ᠤ ᠪᠠᠶᠢᠭᠤᠯᠤᠮᠵᠢ ᠶᠢᠨ ᠳᠦᠷᠢᠮ
ᠲᠣᠭᠣᠷᠢᠭ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠳᠤᠮᠳᠠ ᠬᠡᠰᠡᠭ ᠲᠦ ᠪᠠᠶᠢᠷᠢᠯᠠᠵᠤ ᠂ ᠨᠡᠶᠢᠰᠯᠡᠯ ᠪᠡᠭᠡᠵᠢᠩ ᠡᠴᠡ 669 ᠺᠢᠯᠣᠮᠧᠲ᠋ᠷ ᠵᠠᠶᠢᠲᠠᠶ᠃ ᠲᠠᠯᠠᠪᠠᠢ ᠨᠢ 2065 ᠲᠡᠭᠰᠢ ᠳᠥᠷᠪᠡᠯᠵᠢᠨ ᠺᠢᠯᠣᠮᠧᠲ᠋ᠷ᠃ ᠤᠮᠠᠷᠠᠰᠢ ᠳᠠᠯᠠᠨ ᠬᠠᠷ᠎ᠠ ᠠᠭᠤᠯᠠ ᠶᠢ ᠲᠦᠰᠢᠵᠦ ᠂ ᠵᠡᠭᠦᠨᠰᠢ ᠠᠭᠤᠯᠠ ᠲᠠᠢ ᠨᠢᠭᠤᠷᠯᠠᠵᠤ ᠂ ᠡᠮᠦᠨ᠎ᠡ ᠬᠡᠰᠡᠭ ᠨᠢ ᠲᠦᠮᠡᠳ ᠦᠨ ᠲᠠᠯ᠎ᠠ ᠭᠠᠵᠠᠷ ᠪᠣᠯᠤᠨ᠎ᠠ ᠃ ᠬᠣᠲᠠ 4 ᠲᠣᠭᠣᠷᠢᠭ ᠂ ᠬᠥᠮᠥᠨ ᠠᠮᠠ ᠨᠢ 110.1 ᠲᠦᠮᠡ ᠂ ᠮᠣᠩᠭᠣᠯ ᠂ ᠬᠢᠲᠠᠳ ᠂ ᠬᠣᠲᠣᠩ ᠂ ᠮᠠᠨᠵᠤ ᠂ ᠳᠠᠭᠤᠷ ᠂ ᠡᠸᠡᠩᠬᠢ ᠂ ᠣᠷᠴᠣᠨ ᠵᠡᠷᠭᠡ ᠦᠨᠳᠦᠰᠦᠲᠡᠨ ᠃
ᠬᠥᠬᠡᠬᠣᠲᠠ ᠣᠷᠣᠨ ᠳᠤ ᠬᠣᠲᠠ ᠶᠢᠨ ᠲᠣᠭᠣᠷᠢᠭ ᠪᠠ 1 ᠬᠣᠰᠢᠭᠤ 4 ᠰᠢᠶᠠᠨ ᠪᠠᠭᠲᠠᠵᠤ ᠂ ᠲᠠᠯᠠᠪᠠᠢ ᠨᠢ 17186 ᠲᠡᠭᠰᠢ ᠳᠥᠷᠪᠡᠯᠵᠢᠨ ᠺᠢᠯᠣᠮᠧᠲ᠋ᠷ ᠃ 2015 ᠣᠨ ᠪᠣᠯᠲᠠᠯ᠎ᠠ ᠂ ᠪᠥᠬᠥ ᠬᠥᠮᠥᠨ ᠠᠮᠠ 218.6 ᠲᠦᠮᠡ ᠪᠠᠶᠢᠵᠤ ᠂ ᠡᠭᠦᠨ ᠲᠠᠷᠢᠶᠠᠯᠠᠩ ᠤᠨ ᠪᠤᠰᠤ ᠬᠥᠮᠥᠨ ᠠᠮᠠ 130.7 ᠲᠦᠮᠡ ᠂ 51 ᠦᠨᠳᠦᠰᠦᠲᠡᠨ ᠲᠡᠶ ᠂ ᠮᠣᠩᠭᠣᠯ ᠦᠨᠳᠦᠰᠦᠲᠡᠨ ᠪᠥᠬᠥ ᠬᠥᠮᠥᠨ ᠠᠮᠠ ᠶᠢᠨ 14 .2 % ᠢ ᠡᠵᠡᠯᠡᠵᠦ ᠃ ᠬᠥᠬᠡᠬᠣᠲᠠ ᠶᠢᠨ ᠬᠣᠢᠲᠤ ᠂ ᠵᠡᠭᠦᠨ ᠬᠡᠰᠡᠭ ᠨᠢ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ ᠂ ᠳᠥᠷᠪᠡᠳ ᠬᠣᠰᠢᠭᠤ ᠂ ᠵᠦᠸᠧᠽᠢ ᠰᠢᠶᠠᠨ ᠂ ᠯᠢᠶᠠᠩᠴᠧᠩ ᠰᠢᠶᠠᠨ ᠲᠠᠶ ᠵᠠᠬ᠎ᠠ ᠨᠡᠶᠢᠯᠡᠵᠦ ᠂ ᠡᠮᠦᠨ᠎ᠡ ᠬᠡᠰᠡᠭ ᠨᠢ ᠱᠠᠨ ᠰᠢ ᠮᠣᠵᠢ ᠲᠠᠢ ᠵᠠᠬ᠎ᠠ ᠨᠡᠶᠢᠯᠡᠵᠦ ᠂ ᠪᠠᠷᠠᠭᠤᠨ ᠡᠮᠦᠨᠡᠲᠦ ᠬᠡᠰᠡᠭ ᠨᠢ ᠵᠡᠭᠦᠨᠭᠠᠷ ᠬᠣᠰᠢᠭᠤ ᠲᠠᠶ ᠬᠠᠳᠤᠨ ᠭᠣᠣᠯ ᠠᠯᠤᠰᠯᠠᠨ ᠂ ᠪᠠᠷᠠᠭᠤᠨ ᠬᠡᠰᠡᠭ ᠨᠢ ᠲᠦᠮᠡᠳ ᠪᠠᠷᠠᠭᠤᠨ ᠬᠣᠰᠢᠭᠤ ᠂ ᠭᠦᠶᠡᠩ ᠰᠢᠶᠠᠨ ᠲᠠᠶ ᠵᠠᠬ᠎ᠠ ᠨᠡᠶᠢᠯᠡᠵᠦ ᠃ ᠭᠣᠣᠯ ᠪᠣᠯᠬᠤ ᠨᠠᠭᠤᠷ ᠴᠥᠭᠥᠷᠥᠮ ᠶᠡᠬᠡ ᠭᠣᠣᠯ ᠂ ᠪᠠᠭ᠎ᠠ ᠭᠣᠣᠯ ᠂ ᠰᠢᠷ᠎ᠠ ᠭᠣᠣᠯ ᠂ ᠱᠦᠢ ᠮᠦᠸᠧ ᠭᠸᠦ ᠭᠣᠣᠯ ᠂ ᠵᠡᠷᠭᠡ ᠃ ᠡᠳᠡᠭᠡᠷ ᠭᠣᠣᠯ ᠦᠨ ᠤᠰᠤ ᠨᠢ ᠶᠡᠬᠡ ᠳᠦ ᠨᠡᠶᠢᠯᠡᠨ ᠣᠷᠣᠵᠤ ᠂ ᠬᠠᠳᠤᠨ ᠭᠣᠣᠯ ᠳᠤ ᠤᠷᠤᠰᠤᠨ ᠣᠷᠣᠳᠠᠭ ᠃
ᠬᠥᠬᠡᠬᠣᠲᠠ ᠠᠷᠠᠳ ᠤᠨ ᠲᠥᠯᠥᠭᠡᠯᠡᠭᠴᠢᠳ ᠦᠨ ᠶᠡᠬᠡ ᠬᠤᠷᠠᠯ ᠤᠨ ᠪᠠᠶᠢᠩᠭᠤ ᠶᠢᠨ ᠬᠣᠷᠢᠶ᠎ᠠ ᠪᠣᠯᠤᠨ ᠠᠷᠠᠳ ᠤᠨ ᠵᠠᠰᠠᠭᠣᠷᠳᠣᠨ ᠵᠦᠩᠱᠠᠨ ᠪᠠᠷᠠᠭᠤᠨ ᠵᠠᠮ ᠳᠤ ᠃ ᠣᠷᠣᠨ ᠢ ᠰᠢᠨ᠎ᠡ ᠬᠣᠲᠠ ᠲᠣᠭᠣᠷᠢᠭ ᠂ ᠬᠣᠲᠣᠩ ᠲᠣᠭᠣᠷᠢᠭ ᠂ ᠢᠤᠢ ᠲᠣᠭᠣᠷᠢᠭ ᠂ ᠲᠡᠭᠦᠷᠭᠡ ᠂ ᠲᠦᠮᠡᠳ ᠵᠡᠭᠦᠨ ᠬᠣᠰᠢᠭᠤ ᠂ ᠲᠣᠭᠲᠠᠬᠤ ᠰᠢᠶᠠᠨ ᠂ ᠬᠣᠷᠢᠨᠭᠡᠷ ᠰᠢᠶᠠᠨ ᠂ ᠴᠢᠩ ᠱᠦᠢ ᠾᠧ ᠰᠢᠶᠠᠨ ᠂ ᠦᠴᠤᠸᠠᠨ ᠰᠢᠶᠠᠨ ᠭᠡᠵᠦ ᠬᠤᠪᠢᠶᠠᠵᠤ ᠂ 4 ᠲᠣᠭᠣᠷᠢᠭ 1 ᠬᠣᠰᠢᠭᠤ 4 ᠰᠢᠶᠠᠨ ᠨᠡᠢᠢᠲᠡ 9 ᠰᠢᠶᠠᠨ ᠤ ᠱᠠᠲᠤᠨ ᠤ ᠵᠠᠰᠠᠭ ᠵᠠᠬᠢᠷᠭᠠᠨ ᠤ ᠣᠷᠣᠨ ᠤ ᠪᠠᠶᠢᠭᠤᠯᠤᠮᠵᠢ ᠶᠢᠨ ᠪᠣᠯᠭᠠᠪᠠ ᠃ 50 ᠪᠠᠯᠭᠠᠰᠤ ᠂ 34 ᠰᠢᠶᠠᠩ ᠂ 31 ᠵᠡᠭᠡᠯᠢ ᠭᠤᠳᠤᠮᠵᠢ ᠶᠢᠨ ᠬᠡᠷᠡᠭ ᠡᠷᠬᠢᠯᠡᠬᠦ ᠭᠠᠵᠠᠷ ᠃ ᠬᠥᠬᠡᠬᠣᠲᠠ ᠶᠢᠨ ᠵᠠᠰᠠᠭ ᠵᠠᠬᠢᠷᠭᠠᠨ ᠤ ᠣᠷᠣᠨ ᠤ ᠬᠤᠪᠢᠶᠠᠷᠢᠯᠠᠯ ᠣᠷᠣᠯᠠᠬᠤ ᠨᠣᠮᠧᠷ 150101