ᠵᠤᠬᠢᠶᠠᠭᠴᠢ:
ᠴᠠᠭ:2019-05-26
ᠥᠵᠡᠭᠰᠡᠨ : ℃
ᠢᠷᠡᠯᠲᠡ:
ᠠᠩᠬᠠᠳᠤᠭᠠᠷ ᠬᠤᠭᠤᠴᠠᠭᠠᠨ ᠦᠨᠳᠤᠰᠦᠳᠡᠨ ᠤᠳᠬ᠎ᠠ ᠲᠡᠦᠬᠡ ᠰᠤᠳᠤᠯᠤᠯ ᠤᠨ ᠪᠦᠬᠦ ᠤᠯᠤᠰ ᠤᠨ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ
2019 5 ᠰᠠᠷ᠎ᠠ ᠶᠢᠨ 25 ᠡᠳᠤᠷ᠂ ᠦᠪᠦᠷ ᠮᠤᠩᠭ᠋ᠤᠯ ᠤᠨ ᠦᠪᠡᠷᠳᠡᠬᠡᠨ ᠵᠠᠰᠠᠬᠤ ᠤᠷᠤᠨ ᠤ ᠨᠡᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠤᠳᠬ᠎ᠠ ᠵᠤᠬᠢᠶᠠᠯ ᠰᠤᠳᠤᠯᠬᠤ ᠭᠠᠵᠠᠷ ᠡᠴᠡ ᠡᠷᠬᠢᠯᠡᠭᠰᠡᠨ ᠠᠩᠬᠠᠳᠤᠭᠠᠷ ᠬᠤᠭᠤᠴᠠᠭᠠᠨ ᠤ ᠮᠤᠩᠭ᠋ᠤᠯ ᠦᠨᠳᠤᠰᠦᠳᠡᠨ ᠤ ᠤᠳᠬ᠎ᠠ ᠤᠨ ᠲᠡᠦᠬᠡ ᠰᠤᠳᠤᠯᠤᠯ ᠤᠨ ᠪᠦᠬᠦ ᠤᠯᠤᠰ ᠤᠨ ᠡᠷᠳᠡᠮ ᠰᠢᠨᠵᠢᠯᠡᠬᠡᠨ ᠤ ᠰᠤᠳᠤᠯᠤᠨ ᠶᠠᠷᠢᠯᠴᠠᠬᠤ ᠬᠤᠷᠠᠯ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃
ᠲᠤᠰ ᠬᠤᠷᠠᠯ ᠨᠢ ᠮᠤᠩᠭ᠋ᠤᠯ ᠦᠨᠳᠤᠰᠦᠳᠡᠨ ᠤ ᠤᠳᠬ᠎ᠠ ᠵᠤᠬᠢᠶᠠᠯ ᠤᠨ ᠲᠡᠦᠬᠡ ᠰᠤᠳᠤᠯᠤᠯ ᠤᠨ ᠬᠦᠨᠵᠡᠬᠡᠶᠢᠷᠡᠬᠦ᠂ ᠮᠤᠩᠭ᠋ᠤᠯ ᠦᠨᠳᠤᠰᠦᠳᠡᠨ ᠤ ᠤᠳᠬ᠎ᠠ ᠵᠤᠬᠢᠶᠠᠯ ᠤᠨ ᠡᠷᠳᠡᠮ ᠰᠢᠨᠵᠢᠯᠡᠬᠡᠨ ᠤ ᠰᠤᠯᠢᠯᠴᠠᠭ᠎ᠠ ᠶᠢ ᠠᠬᠢᠭᠤᠯᠬᠤ ᠪᠡᠷ ᠵᠤᠷᠢᠯᠭ᠎ᠠ ᠪᠤᠯᠭᠠᠪᠠ᠃ ᠮᠤᠩᠭ᠋ᠤᠯ ᠦᠨᠳᠤᠰᠦᠳᠡᠨ ᠤ ᠤᠳᠬ᠎ᠠ ᠵᠤᠬᠢᠶᠠᠯ ᠤᠨ ᠰᠤᠳᠤᠯᠤᠯ ᠵᠢᠴᠢ ᠤᠳᠬ᠎ᠠ ᠵᠤᠬᠢᠶᠠᠯ ᠤᠨ ᠲᠡᠦᠬᠡ ᠶᠢᠨ ᠲᠤᠭᠳᠠᠯᠴᠠᠭ᠎ᠠ ᠬᠡᠮᠡᠬᠦ ᠭᠤᠤᠯ ᠰᠡᠳᠤᠪ ᠤᠨ ᠲᠤᠭᠤᠷᠢᠨ ᠳᠤ ᠮᠤᠩᠭ᠋ᠤᠯ ᠤᠳᠬ᠎ᠠ ᠵᠤᠬᠢᠶᠠᠯ ᠤᠨ ᠲᠡᠦᠬᠡ ᠶᠢᠨ ᠮᠠᠲ᠋ᠧᠷᠢᠶᠠᠯ ᠤᠨ ᠰᠤᠳᠤᠯᠭᠠᠨ᠂ ᠲᠠᠨᠢᠯᠳᠠ ᠤᠶᠢᠯᠠᠭᠠᠯᠳᠠ ᠶᠢᠨ ᠰᠢᠨᠡᠴᠢᠯᠡᠯ᠂ ᠬᠦᠨ ᠤᠬᠠᠭᠠᠨ ᠤ ᠠᠰᠠᠭᠤᠳᠠᠯ᠂ ᠤᠳᠬ᠎ᠠ ᠵᠤᠬᠢᠶᠠᠯ ᠤᠨ ᠲᠡᠦᠬᠡ ᠶᠢᠨ ᠴᠠᠭ ᠤᠨ ᠬᠤᠪᠢᠶᠠᠷᠢ ᠶᠢᠨ ᠠᠰᠠᠭᠤᠳᠠᠯ᠂ ᠤᠳᠬ᠎ᠠ ᠵᠤᠬᠢᠶᠠᠯ ᠤᠨ ᠨᠡᠪᠳᠡᠷᠬᠡᠢ ᠲᠡᠦᠬᠡ ᠶᠢ ᠲᠤᠭᠤᠷᠪᠢᠬᠤ ᠵᠢᠴᠢ ᠤᠷᠤᠰᠢᠵᠤ ᠪᠠᠶᠢᠭ᠎ᠠ ᠠᠰᠠᠭᠤᠳᠠᠯ ᠵᠡᠷᠬᠡ ᠤᠯᠠᠨ ᠬᠠᠷᠠᠭᠠᠰᠤ ᠶᠢᠨ ᠬᠤᠪᠢᠶᠠᠷᠢ ᠰᠡᠳᠤᠪ ᠶᠢᠡᠷ ᠬᠦᠨᠵᠡᠬᠡᠢ ᠰᠤᠳᠤᠯᠤᠨ ᠶᠠᠷᠢᠯᠴᠠᠵᠤ᠂ ᠮᠤᠩᠭ᠋ᠤᠯ ᠦᠨᠳᠤᠰᠦᠳᠡᠨ ᠤ ᠤᠳᠬ᠎ᠠ ᠵᠤᠬᠢᠶᠠᠯ ᠤᠨ ᠲᠡᠦᠬᠡ ᠰᠤᠳᠤᠯᠤᠯ ᠤᠨ ᠰᠢᠨ᠎ᠡ ᠢᠢ ᠡᠬᠦᠳᠦᠨ ᠬᠦᠭ᠍ᠵᠢᠬᠦ᠂ ᠮᠤᠩᠭ᠋ᠤᠯ ᠦᠨᠳᠤᠰᠦᠳᠡᠨ ᠤ ᠤᠳᠬ᠎ᠠ ᠵᠤᠬᠢᠶᠠᠯ ᠤᠨ ᠪᠤᠳᠠᠳᠤ ᠬᠦᠴᠦᠨ ᠪᠤᠯᠤᠨ ᠦᠷᠢᠰᠦᠯᠳᠡᠬᠦ ᠬᠦᠴᠦᠨ ᠢ ᠨᠡᠮᠡᠭᠳᠡᠬᠦᠯᠵᠤ᠂ ᠤᠯᠤᠰ ᠤᠨ ᠨᠢᠬᠡᠳᠤᠬᠡᠷ ᠵᠡᠷᠬᠡ ᠶᠢᠨ ᠰᠢᠨᠵᠢᠯᠡᠬᠡᠨ ᠤ ᠰᠠᠯᠪᠤᠷᠢ ᠪᠤᠯᠤᠨ ᠲᠡᠯᠡᠬᠡᠢ ᠶᠢᠨ ᠨᠢᠬᠡᠳᠤᠬᠡᠷ ᠵᠡᠷᠬᠡ ᠶᠢᠨ ᠰᠢᠨᠵᠢᠯᠡᠬᠡᠨ ᠤ ᠶᠢᠨ ᠡᠩᠨᠡᠬᠡᠨ ᠳᠤ ᠤᠷᠤᠭᠤᠯᠬᠤ ᠶᠢ ᠠᠬᠢᠭᠤᠯᠬᠤ ᠃
ᠤᠯᠤᠰ ᠵᠠᠭᠤ ᠰᠢᠬᠠᠮ ᠡᠷᠳᠡᠮᠳᠡᠨ ᠮᠡᠷᠬᠡᠵᠢᠯᠳᠡᠨ ᠬᠤᠷᠠᠨ ᠴᠤᠭᠯᠠᠷᠠᠵᠤ᠂ ᠬᠤᠶᠠᠷ ᠡᠳᠤᠷ ᠤᠨ ᠬᠤᠭᠤᠴᠠᠭᠠᠨ ᠳᠤ ᠬᠦᠨᠵᠡᠬᠡᠢ ᠰᠤᠳᠤᠯᠤᠨ ᠶᠠᠷᠢᠯᠴᠠᠪᠠ᠂ ᠮᠦᠨ ᠮᠤᠩᠭ᠋ᠤᠯ ᠤᠳᠬ᠎ᠠ ᠵᠤᠬᠢᠶᠠᠯ ᠤᠨ ᠲᠡᠦᠬᠡ ᠶᠢ ᠲᠤᠭᠤᠷᠪᠢᠬᠤ ᠵᠢᠴᠢ ᠪᠠᠶᠢᠭ᠎ᠠ ᠠᠰᠠᠭᠤᠳᠠᠯ ᠂ ᠮᠤᠩᠭ᠋ᠤᠯ ᠦᠨᠳᠤᠰᠦᠳᠡᠨ ᠤ ᠡᠷᠳᠡᠨ ᠤ ᠤᠳᠬ᠎ᠠ ᠵᠤᠬᠢᠶᠠᠯ ᠤᠨ ᠲᠡᠦᠬᠡ ᠶᠢ ᠲᠠᠬᠢᠨ ᠪᠢᠴᠢᠭᠯᠡᠬᠦ ᠵᠡᠷᠬᠡ 40 ᠭᠠᠷᠤᠢ ᠦᠬᠦᠯᠡᠯ ᠢ ᠨᠢ ᠲᠤᠰ ᠤᠳᠠᠭᠠᠨ ᠤ ᠬᠤᠷᠠᠯ ᠤᠨ ᠦᠬᠦᠯᠡᠯ ᠤᠨ ᠲᠡᠬᠦᠪᠦᠷᠢ ᠳᠤ ᠤᠷᠤᠭᠤᠯᠤᠭᠰᠠᠨ ᠪᠠᠶᠢᠨ᠎ᠠ᠃