ᠵᠤᠬᠢᠶᠠᠭᠴᠢ:
ᠴᠠᠭ:2019-05-24
ᠥᠵᠡᠭᠰᠡᠨ : ℃
ᠢᠷᠡᠯᠲᠡ:
ᠬᠠᠷ᠎ᠠ ᠰᠥᠯᠳᠠ ᠶᠢᠨ ᠪᠠᠭ᠎ᠠ ᠲᠠᠭᠢᠯᠭ᠎ᠠ
ᠪᠢᠯᠢᠭ ᠤᠨ ᠤᠯᠠᠷᠢᠯ ᠤᠨ ᠰᠠᠷ᠎ᠠ ᠪᠥᠷᠢ ᠶᠢᠨ ᠰᠢᠨ᠎ᠠ ᠶᠢᠨ ᠨᠢᠭᠡᠨ᠂ ᠰᠢᠨ᠎ᠠ ᠶᠢᠨ ᠭᠤᠷᠪᠠᠨ ᠳᠤ ᠬᠠᠷ᠎ᠠ ᠰᠥᠯᠳᠠ ᠶᠢ ᠲᠠᠭᠢᠳᠠᠭ᠃ ᠡᠭᠦᠨ ᠢ ᠪᠠᠰᠠ ᠬᠠᠷ᠎ᠠ ᠰᠥᠯᠳᠠ ᠶᠢᠨ ᠰᠠᠷ᠎ᠠ ᠶᠢᠨ ᠲᠠᠭᠢᠯᠭ᠎ᠠ ᠭᠡᠳᠡᠭ᠃ ᠰᠠᠷ᠎ᠠ ᠪᠥᠷᠢ ᠶᠢᠨ ᠰᠢᠨ᠎ᠠ ᠶᠢᠨ ᠨᠢᠭᠡᠨ ᠳᠤ ᠲᠠᠷᠬᠠᠳ ᠠᠴᠠ ᠨᠢᠭᠡ ᠥᠳᠭᠡ ᠶᠢᠨ ᠲᠠᠭᠢᠯᠭ᠎ᠠ ᠡᠷᠭᠦᠵᠥ᠂ ᠰᠠᠷ᠎ᠠ ᠪᠥᠷᠢ ᠶᠢᠨ ᠰᠢᠨ᠎ᠠ ᠶᠢᠨ ᠭᠤᠷᠪᠠᠨ ᠳᠤ ᠵᠢᠨᠤᠩ ᠤᠨ ᠲᠠᠯ᠎ᠠ ᠠᠴᠠ ᠨᠢᠭᠡ ᠥᠳᠭᠡ ᠪᠠᠷ ᠲᠠᠭᠢᠯᠭ᠎ᠠ ᠭᠢᠳᠡᠭ᠃ ᠰᠢᠨ᠎ᠠ ᠶᠢᠨ ᠭᠤᠷᠪᠠᠨ ᠤ ᠲᠠᠭᠢᠯᠭ᠎ᠠ ᠳᠤ ᠵᠠᠯᠭᠠᠮᠵᠢ ᠲᠠᠶᠢᠵᠢ ᠤᠷᠤᠯᠴᠠᠳᠠᠭ ᠪᠤᠯᠬᠤᠷ᠂ 《ᠵᠠᠯᠭᠠᠮᠵᠢ ᠲᠠᠭᠢᠯᠭ᠎ᠠ》 ᠴᠤ ᠭᠡᠳᠡᠭ᠃
ᠬᠠᠷ᠎ᠠ ᠰᠥᠯᠳᠠ ᠶᠢᠨ ᠤᠯᠠᠷᠢᠯ ᠪᠥᠷᠢ ᠶᠢᠨ ᠡᠭᠢᠨ ᠰᠠᠷ᠎ᠠ ᠶᠢᠨ ᠰᠢᠨ᠎ᠠ ᠶᠢᠨ ᠭᠤᠷᠪᠠᠨ ᠤ ᠲᠠᠭᠢᠯᠭ᠎ᠠ ᠳᠤ ᠭᠤᠷᠪᠠᠨ ᠬᠤᠨᠢ᠂ ᠭᠤᠷᠪᠠᠨ ᠭᠡᠮ ᠰᠠᠷᠬᠤᠳ ᠭᠡᠷᠡᠭᠯᠡᠳᠡᠭ ᠪᠥᠭᠡᠳ ᠬᠠᠪᠤᠷ ᠤᠨ ᠡᠭᠢᠨ ᠰᠠᠷ᠎ᠠ ᠶᠢᠨ ᠰᠢᠨ᠎ᠠ ᠶᠢᠨ ᠭᠤᠷᠪᠠᠨ ᠤ ᠲᠠᠭᠢᠯᠭ᠎ᠠ ᠶᠢ 《ᠬᠠᠪᠤᠷᠵᠢᠶ᠎ᠠ ᠶᠢᠨ ᠲᠠᠭᠢᠯᠭ᠎ᠠ》᠂ ᠵᠤᠨ ᠤ ᠡᠭᠢᠨ ᠰᠠᠷ᠎ᠠ ᠶᠢᠨ ᠰᠢᠨ᠎ᠠ ᠶᠢᠨ ᠭᠤᠷᠪᠠᠨ ᠤ ᠲᠠᠭᠢᠯᠭ᠎ᠠ ᠶᠢ 《ᠵᠤᠰᠠᠯᠠᠩ ᠤᠨ ᠲᠠᠭᠢᠯᠭ᠎ᠠ》᠂ ᠨᠠᠮᠤᠷ ᠤᠨ ᠡᠭᠢᠨ ᠰᠠᠷ᠎ᠠ ᠶᠢᠨ ᠰᠢᠨ᠎ᠠ ᠶᠢᠨ ᠭᠤᠷᠪᠠᠨ ᠤ ᠲᠠᠭᠢᠯᠭ᠎ᠠ ᠶᠢ 《ᠨᠠᠮᠤᠷᠵᠢᠶ᠎ᠠ ᠶᠢᠨ ᠲᠠᠭᠢᠯᠭ᠎ᠠ》᠂ ᠡᠪᠤᠯ ᠤᠨ ᠡᠭᠢᠨ ᠰᠠᠷ᠎ᠠ ᠶᠢᠨ ᠲᠠᠭᠢᠯᠭ᠎ᠠ ᠶᠢ 《ᠡᠪᠥᠯᠵᠢᠶᠠ ᠶᠢᠨ ᠲᠠᠭᠢᠯᠭ᠎ᠠ》 ᠭᠡᠵᠥ ᠨᠠᠷᠠᠯᠡᠳᠡᠭ᠃
ᠬᠠᠷ᠎ᠠ ᠰᠥᠯᠳᠠ ᠶᠢᠨ ᠪᠠᠭ᠎ᠠ ᠲᠠᠭᠢᠯᠭ᠎ᠠ ᠳᠤ ᠪᠠᠰᠠ ᠵᠤᠨ ᠤ ᠤᠯᠠᠷᠢᠯ ᠤᠨ ᠰᠡᠭᠦᠯ ᠰᠠᠷ᠎ᠠ ᠶᠢᠨ ᠠᠷᠪᠠᠨ ᠤ ᠤᠭᠤᠷᠠᠭ ᠬᠤᠷᠠᠭᠠᠨ ᠲᠠᠭᠢᠯᠭ᠎ᠠ᠂ ᠠᠷᠪᠠᠨ ᠬᠤᠶᠠᠷ ᠰᠠᠷ᠎ᠠ ᠶᠢᠨ ᠬᠤᠷᠢᠨ ᠭᠤᠷᠪᠠᠨ ᠤ ᠭᠠᠯ ᠤᠨ ᠲᠠᠭᠢᠯᠭ᠎ᠠ ᠶᠢ ᠪᠠᠭᠳᠠᠭᠠᠳᠠᠭ᠃ ᠬᠠᠷ᠎ᠠ ᠰᠥᠯᠳᠠ ᠶᠢᠨ ᠪᠠᠭ᠎ᠠ ᠲᠠᠭᠢᠯᠭ᠎ᠠ ᠶᠢ ᠡᠷᠭᠢᠯᠡᠨ ᠭᠥᠢᠴᠡᠳᠭᠡᠭᠦ ᠳᠤ ᠵᠠᠶᠢᠰᠠᠩ᠂ ᠮᠢᠩᠭᠠᠳᠤ᠂ ᠲᠥᠮᠡᠳᠤ᠂ ᠴᠢᠩᠰᠠᠩ᠂ ᠲᠤᠤᠯᠢ᠂ ᠢᠷᠥᠭᠡᠯᠴᠢ᠂ ᠴᠡᠷᠭᠢᠴᠢ᠂ ᠵᠠᠯᠭᠠᠮᠵᠢ ᠲᠠᠶᠢᠵᠢ ᠲᠤᠰᠪᠥᠷᠢ ᠨᠢᠭᠡ ᠭᠥᠮᠥᠨ᠂ ᠬᠤᠶᠠᠷ ᠵᠠᠰᠠᠭᠤᠯᠴᠢ᠂ ᠬᠤᠶᠠᠷ ᠬᠠᠷᠢᠭᠤᠯᠤᠭᠴᠢ ᠲᠠᠢ ᠨᠠᠶᠢᠳᠠ ᠠᠷᠪᠠᠨ ᠬᠤᠶᠠᠷ ᠭᠥᠮᠥᠨ ᠤᠷᠤᠯᠴᠠᠳᠠᠭ᠃