ᠵᠤᠬᠢᠶᠠᠭᠴᠢ:
ᠴᠠᠭ:2019-05-13
ᠥᠵᠡᠭᠰᠡᠨ : ℃
ᠢᠷᠡᠯᠲᠡ:
ᠮᠣᠩᠭᠣᠯ ᠬᠠᠳᠬᠤᠮᠠᠯ
ᠢᠰᠡᠭᠡᠶ ᠂ ᠮᠠᠶᠢᠬᠠᠨ ᠳᠡᠭᠡᠷᠡᠬᠢ ᠬᠠᠳᠬᠤᠮᠠᠯ
ᠮᠣᠩᠭᠣᠯ ᠦᠨᠳᠦᠰᠦᠲᠡᠨ ᠤᠰᠤ ᠪᠡᠯᠴᠢᠭᠡᠷ ᠢ ᠨᠡᠭᠦᠳᠡᠯᠯᠡᠳᠡᠭ ᠂ ᠮᠣᠩᠭᠣᠯ ᠭᠡᠷ ᠪᠣᠯ ᠲᠡᠳᠡᠨ ᠤ ᠣᠷᠣᠨ ᠮᠥᠨ᠃ ᠰᠠᠭᠤᠷᠢᠰᠢᠭ᠎ᠠ ᠦᠨᠳᠦᠰᠦᠲᠡᠨ ᠦ ᠲᠡᠶ ᠠᠳᠠᠯᠢ ᠪᠠᠷ ᠮᠣᠩᠭᠣᠯ ᠦᠨᠳᠦᠰᠦᠲᠡᠨ ᠴᠦ ᠥᠪᠡᠷ ᠦᠨ ᠢᠰᠡᠭᠡᠶ ᠥᠪᠡᠷ ᠦᠨ ᠢᠰᠡᠭᠡᠶ ᠭᠡᠷ ᠢᠶᠡᠨ ᠪᠤᠶᠤ ᠭᠡᠳᠡᠭ ᠃
ᠮᠣᠩᠭᠣᠯ ᠦᠨᠳᠦᠰᠦᠲᠡᠨ ᠦ ᠬᠠᠳᠬᠤᠮᠠᠯ ᠤᠨ ᠭᠠᠷ ᠤᠷᠠᠯᠠᠯ ᠨᠢ ᠮᠣᠩᠭᠣᠯ ᠭᠡᠷ ᠦᠨ ᠪᠦᠷᠢᠶᠡᠰᠦ ᠂ ᠂ ᠭᠡᠷ ᠦᠨ ᠳᠣᠲᠣᠷᠠᠬᠢ ᠢᠰᠡᠭᠡᠶ ᠵᠢᠴᠢ ᠵᠠᠷᠢᠮ ᠳᠡᠭᠡᠰᠦᠨ ᠳᠡᠭᠡᠷ᠎ᠡ ᠨᠢ ᠡᠳᠦᠶ ᠲᠡᠳᠦᠶ ᠢᠯᠡᠷᠡᠵᠦ ᠂ ᠢᠯᠠᠩᠭᠤᠶ᠎ᠠ ᠢᠰᠡᠭᠡᠶ ᠳᠡᠭᠡᠪᠦᠷ ᠢ ᠦᠷᠭᠦᠯᠵᠢ ᠬᠥᠬᠡ ᠪᠤᠶᠤ ᠤᠯᠠᠭᠠᠨ ᠥᠩᠭᠡᠲᠡᠶ ᠪᠥᠰ ᠢᠶᠡᠷ ᠵᠠᠰᠠᠨ ᠴᠢᠮᠡᠵᠦ ᠂ ᠭᠣᠶᠣ ᠠᠷᠠᠳ ᠤᠨ ᠵᠢᠷᠤᠭ ᠪᠤᠶᠤ ᠯᠣᠣ ᠪᠠᠷᠰ ᠵᠡᠷᠭᠡ ᠡᠯ᠎ᠡ ᠵᠦᠢᠯ ᠦᠨ ᠳᠣᠮᠣᠭ ᠤᠨ ᠵᠢᠷᠤᠭ ᠢ ᠬᠠᠳᠬᠤᠳᠠᠭ ᠃
ᠡᠭᠦᠨ ᠡᠴᠡ ᠭᠠᠳᠠᠨ᠎ᠠ ᠂ ᠳᠣᠲᠣᠷ᠎ᠠ ᠬᠠᠳᠬᠤᠮᠠᠯ ᠪᠠ ᠳᠡᠭᠡᠷᠡᠬᠢ ᠡᠯ᠎ᠡ ᠵᠦᠢᠯ ᠦᠨ ᠮᠥᠩᠬᠡ ᠪᠡᠬᠢ ᠂ ᠪᠠᠳᠠᠷᠠᠨ ᠬᠥᠭᠵᠢᠭᠰᠡᠨ ᠥᠯᠵᠡᠢ ᠪᠡᠯᠭᠡ ᠲᠡᠶ ᠴᠡᠴᠡᠭ ᠬᠡ ᠤᠭᠠᠯᠵᠠ ᠨᠢ ᠨᠠᠩ ᠴᠤ ᠨᠠᠷᠢᠨ ᠨᠢᠭᠲᠠ ᠬᠡᠷᠡᠭᠯᠡᠭᠡᠨ ᠦ ᠦᠨ᠎ᠡ ᠥᠷᠲᠡᠭ ᠲᠠᠢ ᠮᠥᠷᠲᠡᠭᠡᠨ ᠭᠤᠸ᠎ᠠ ᠦᠢᠯᠡᠳᠦᠯ ᠲᠠᠢ ᠃
ᠮᠣᠩᠭᠣᠯ ᠦᠨᠳᠦᠰᠦᠲᠡᠨ ᠨᠠᠭᠠᠳᠤᠮ ᠤᠨ ᠬᠤᠷᠠᠯ ᠵᠡᠷᠭᠡ ᠵᠠᠷᠢᠮ ᠪᠠᠶᠠᠷ ᠳᠤᠷᠠᠰᠬᠠᠯ ᠡᠳᠦᠷ ᠦᠨ ᠴᠤᠭᠯᠠᠭᠠᠨ ᠳᠡᠭᠡᠷ᠎ᠡ ᠮᠠᠶᠢᠬᠠᠨ ᠬᠡᠷᠡᠭᠯᠡᠬᠦ ᠵᠠᠩᠰᠢᠯ ᠲᠠᠢ ᠃ ᠮᠠᠶᠢᠬᠠᠨ ᠭᠣᠣᠯᠳᠠᠭᠤ ᠪᠥᠰ ᠢᠶᠡᠷ ᠂ ᠳᠡᠭᠡᠷ᠎ᠡ ᠨᠢ ᠭᠣᠶᠣ ᠲᠣᠷᠭ᠎ᠠ ᠪᠤᠶᠤ ᠪᠥᠰ ᠢᠶᠡᠷ ᠴᠡᠴᠡᠭ ᠬᠠᠳᠬᠤᠮᠠᠯ ᠪᠥᠭᠡᠳ ᠵᠢᠷᠤᠭ ᠳᠦᠷᠰᠦ ᠨᠢ ᠴᠦ ᠮᠠᠰᠢ ᠭᠣᠶᠣ ᠃