ᠵᠤᠬᠢᠶᠠᠭᠴᠢ:
ᠴᠠᠭ:2019-05-13
ᠥᠵᠡᠭᠰᠡᠨ : ℃
ᠢᠷᠡᠯᠲᠡ:
ᠤᠪᠤᠭ᠎ᠠ ᠲᠠᠭᠢᠬᠤ ᠶᠤᠰᠤ
ᠮᠤᠩᠭᠤᠯᠴᠤᠳ ᠤᠨ ᠲᠠᠭᠢᠯᠭ᠎ᠠ ᠨᠢ ᠲᠠᠭᠢᠬᠤ ᠴᠠᠭ ᠬᠤᠭᠤᠴᠠᠭ᠎ᠠ᠂ ᠲᠠᠭᠢᠯᠭ᠎ᠠ ᠳᠤ ᠭᠡᠷᠡᠭᠯᠡᠭᠦ ᠵᠥᠢᠯ᠂ ᠲᠠᠭᠢᠯᠭ᠎ᠠ ᠶᠢᠨ ᠥᠢᠯᠨ ᠶᠤᠰᠤᠯᠠᠯ ᠤᠨ ᠲᠠᠯ᠎ᠠ ᠪᠠᠷ ᠶᠠᠷᠥᠩᠭᠡᠢ ᠳᠤ ᠪᠠᠨ ᠲᠤᠭᠳᠠᠭᠰᠠᠨ ᠵᠤᠷᠰᠢᠯ ᠲᠠᠢ ᠪᠠᠶᠢᠳᠠᠭ᠃ ᠭᠡᠭᠦ ᠳᠤ ᠪᠠᠨ ᠠᠳᠠᠯᠢ ᠪᠤᠰᠤ ᠭᠠᠵᠠᠷ ᠤᠷᠤᠨ ᠤ ᠤᠨᠴᠠᠯᠢᠭ ᠠᠴᠠ ᠪᠤᠯᠵᠤ᠂ ᠵᠠᠷᠢᠮ ᠨᠠᠷᠢᠨ ᠵᠥᠢᠯᠠᠰ ᠲᠤ ᠪᠠᠨ ᠥᠪᠡᠷ ᠥᠪᠡᠷ ᠤᠨ ᠥᠪᠡᠷᠮᠢᠴᠠ ᠪᠠᠶᠢᠳᠠᠯ ᠲᠠᠢ ᠃
ᠤᠪᠤᠭ᠎ᠠ ᠲᠠᠭᠢᠬᠤ ᠴᠠᠭ ᠬᠤᠭᠤᠴᠠᠭ᠎ᠠ ᠶᠢᠨ ᠲᠠᠯ᠎ᠠ ᠪᠠᠷ ᠶᠠᠷᠥᠩᠭᠡᠢ ᠳᠤ ᠪᠠᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠳ ᠠᠴᠠ ᠲᠤᠯᠤᠭᠠᠨ ᠰᠠᠷ᠎ᠠ ᠶᠢᠨ ᠠᠷᠪᠠᠳ ᠤᠨ ᠬᠤᠭᠤᠷᠤᠨᠳᠤ ᠶᠠᠪᠤᠭᠳᠠᠳᠠᠭ᠃ ᠡᠨᠡ ᠨᠢ ᠮᠤᠩᠭᠤᠯ ᠤᠷᠤᠨ ᠤ ᠠᠭᠤᠷ ᠠᠮᠢᠰᠬᠤᠯ ᠤᠨ ᠪᠠᠶᠢᠳᠠᠯ᠂ ᠡᠪᠠᠰᠤ ᠪᠡᠯᠴᠢᠭᠡᠷ ᠤᠨ ᠤᠷᠭᠤᠴᠠ᠂ ᠮᠠᠯ ᠤᠨ ᠲᠠᠷᠭᠤ ᠭᠥᠴᠥ ᠵᠡᠷᠭᠡ ᠶᠢ ᠬᠠᠷᠠᠭᠠᠯᠵᠠᠨ ᠪᠤᠳᠤᠯᠭᠢᠯᠠᠭᠰᠠᠨ ᠠᠴᠠ ᠪᠤᠯᠤᠭᠰᠠᠨ ᠶᠤᠮ᠃ ᠡᠷᠳᠠ ᠥᠶ᠎ᠠ ᠳᠤ ᠤᠯᠠᠩᠭᠢ ᠤᠪᠤᠭ᠎ᠠ ᠨᠢ ᠲᠠᠭᠢᠯᠭ᠎ᠠ ᠶᠢᠨ ᠲᠤᠭᠳᠠᠭᠰᠠᠨ ᠡᠳᠤᠷ ᠲᠠᠢ ᠪᠠᠶᠢᠬᠰᠠᠨ ᠪᠤᠯᠪᠠᠴᠤ᠂ ᠰᠡᠭᠦᠯ ᠤᠨ ᠥᠶ᠎ᠠ ᠳᠤ ᠵᠠᠷᠢᠮ ᠤᠪᠤᠭ᠎ᠠ ᠶᠢ ᠤᠯᠠᠮᠵᠢᠯᠠᠯᠳᠤ ᠲᠠᠭᠢᠯᠭ᠎ᠠ ᠶᠢᠨ ᠡᠳᠤᠷ ᠲᠤ ᠨᠢ ᠲᠠᠭᠢᠵᠥ᠂ ᠵᠠᠷᠢᠮ ᠤᠨ ᠭᠢᠨᠢ ᠲᠠᠭᠢᠯᠭ᠎ᠠ ᠶᠢᠨ ᠡᠳᠤᠷ ᠢ ᠥᠭᠡᠷᠠᠴᠢᠯᠠᠨ ᠬᠤᠪᠢᠷᠠᠭᠠᠭᠰᠠᠨ ᠪᠠᠶᠢᠳᠠᠭ᠃ ᠤᠷᠴᠢᠨ ᠥᠶ᠎ᠠ ᠶᠢᠨ ᠬᠤᠪᠢ ᠡᠷᠥᠭᠡ ᠶᠢᠨ ᠪᠤᠶᠤ ᠰᠤᠮᠤ᠂ ᠬᠤᠰᠢᠭᠤ᠂ ᠠᠶᠢᠮᠠᠭ ᠤᠨ ᠲᠠᠭᠢᠯᠭ᠎ᠠ ᠶᠢᠨ ᠡᠳᠤᠷ ᠢ ᠵᠠᠷᠢᠮ ᠨᠢ ᠲᠤᠭᠳᠠᠭᠰᠠᠨ ᠡᠳᠤᠷ ᠲᠤ ᠶᠠᠪᠤᠭᠤᠯᠵᠤ ᠪᠠᠶᠢᠬᠤ ᠠᠴᠠ ᠭᠠᠳᠠᠨ᠎ᠠ᠂ ᠵᠠᠷᠢᠮ ᠲᠠᠭᠢᠯᠭ᠎ᠠ ᠶᠢ ᠲᠤᠬᠠᠢ ᠶᠢᠨ ᠵᠢᠯ ᠤᠨ ᠴᠠᠭ ᠤᠯᠠᠷᠢᠯ ᠤᠨ ᠪᠠᠶᠢᠳᠠᠯ᠂ ᠮᠠᠯ ᠰᠥᠷᠥᠭ ᠤᠨ ᠤᠨᠳᠤᠷᠤᠯᠳᠠ ᠪᠤᠯᠤᠨ ᠪᠤᠰᠤᠳ ᠥᠢᠯᠨ ᠠᠵᠢᠯᠯᠠᠭ᠎ᠠ ᠶᠢᠨ ᠬᠤᠯᠪᠤᠭᠳᠠᠯ ᠢ ᠥᠨᠳᠤᠰᠤᠯᠠᠵᠤ ᠶᠠᠪᠤᠭᠤᠯᠬᠤ ᠪᠤᠯᠤᠭᠰᠠᠨ ᠪᠠᠶᠢᠨ᠎ᠠ᠃
ᠮᠤᠩᠭᠤᠯᠴᠤᠳ ᠤᠨ ᠲᠠᠭᠢᠯᠭ᠎ᠠ ᠨᠢ ᠡᠷᠳᠠ ᠥᠶ᠎ᠠ ᠳᠤ ᠪᠠᠨ ᠭᠠᠯ ᠢᠶᠠᠷ ᠲᠠᠭᠢᠬᠤ᠂ ᠬᠠᠰ ᠢᠶᠠᠷ ᠲᠠᠭᠢᠬᠤ᠂ ᠴᠠᠭᠠᠨ ᠲᠠᠭᠢᠬᠤ᠂ ᠤᠯᠠᠭᠠᠨ ᠲᠠᠭᠢᠬᠤ ᠵᠠᠷᠭᠡ ᠠᠳᠠᠯᠢ ᠪᠤᠰᠤ ᠲᠠᠭᠢᠯᠭ᠎ᠠ ᠲᠠᠢ ᠪᠠᠶᠢᠬᠰᠠᠨ ᠢᠶᠠᠨ ᠤᠷᠴᠢᠨ ᠥᠶ᠎ᠠ ᠳᠤ ᠴᠠᠭᠠᠨ ᠢᠳᠡᠭᠡ ᠪᠠᠷ ᠲᠠᠭᠢᠬᠤ ᠪᠠ ᠤᠯᠠᠭᠠᠨ ᠲᠠᠭᠢᠬᠤ ᠨᠢ ᠤᠯᠠᠮᠵᠢᠯᠠᠯ ᠪᠤᠯᠵᠤ ᠬᠠᠳᠠᠭᠠᠯᠠᠭᠳᠠᠵᠠᠢ᠃
ᠭᠠᠯ ᠢᠶᠠᠷ ᠲᠠᠭᠢᠬᠤ ᠭᠡᠳᠡᠭ ᠨᠢ ᠤᠪᠤᠭ᠎ᠠ ᠶᠢᠨ ᠲᠠᠭᠢᠯᠭ᠎ᠠ ᠶᠢᠨ ᠲᠠᠶᠢᠰᠠ ᠶᠢᠨ ᠡᠮᠥᠨ᠎ᠠ ᠲᠥᠯᠡᠭᠡ ᠮᠤᠳᠤ ᠨᠤᠴᠤᠭᠠᠵᠤ᠂ ᠤᠪᠤᠭᠠᠨ ᠳᠤ ᠡᠷᠭᠦᠭᠦ ᠡᠷᠭᠦᠯᠳᠠ ᠲᠠᠭᠢᠯ ᠤᠨ ᠵᠥᠢᠯ ᠢᠶᠠᠨ ᠭᠠᠯ ᠳᠤ ᠪᠠᠨ ᠡᠷᠭᠦᠵᠥ᠂ ᠡᠷᠭᠦᠯ ᠲᠠᠭᠢᠯ᠂ ᠮᠥᠷᠭᠦᠯ ᠲᠠᠭᠠᠳᠬᠠᠯ ᠭᠢᠭᠦ ᠶᠢ ᠭᠡᠯᠡᠳᠡᠭ᠃ ᠡᠨᠡ ᠨᠢ ᠮᠤᠩᠭᠤᠯᠴᠤᠳ ᠤᠨ ᠭᠠᠯ ᠢ ᠷᠢᠳᠢ ᠰᠢᠳᠢᠴᠢᠯᠡᠵᠤ᠂ ᠴᠠᠪᠠᠷ ᠠᠷᠢᠭᠤᠨ ᠤ ᠪᠠᠯᠭᠡᠳᠠᠯ ᠪᠤᠯᠭᠠᠵᠤ ᠪᠠᠶᠢᠬᠰᠠᠨ ᠥᠵᠠᠯ ᠥᠢᠯᠠᠭᠠᠯᠳᠠ ᠲᠠᠢ ᠬᠤᠯᠪᠤᠭ᠎ᠠ ᠲᠠᠢ᠃
ᠭᠠᠯ ᠢᠶᠠᠷ ᠤᠪᠤᠭ᠎ᠠ ᠲᠠᠭᠢᠬᠤ ᠬᠠᠰ᠂ ᠱᠢᠷᠥ᠂ ᠤᠭ᠍ᠶᠤ ᠵᠠᠷᠭᠡ ᠡᠳ᠋ ᠡᠷᠳᠠᠨᠢᠰ ᠤᠨ ᠵᠥᠢᠯ ᠢᠶᠠᠷ ᠴᠢᠮᠡᠭᠰᠡᠨ ᠮᠤᠳᠤ ᠪᠠᠨ ᠤᠪᠤᠭ᠎ᠠ ᠳᠤ ᠬᠠᠳᠬᠤᠵᠤ᠂ ᠮᠥᠷᠭᠦᠯ ᠲᠠᠭᠠᠳᠬᠠᠯ ᠭᠢᠭᠦ ᠥᠢᠯᠨ ᠶᠤᠰᠤᠯᠠᠯ ᠪᠤᠯᠤᠨ᠎ᠠ᠃ ᠬᠠᠰ᠂ ᠱᠢᠷᠥ᠂ ᠤᠭ᠍ᠶᠤ ᠪᠠᠷ ᠤᠪᠤᠭ᠎ᠠ ᠲᠠᠭᠢᠵᠥ ᠪᠠᠶᠢᠭ᠎ᠠ ᠨᠢ ᠮᠤᠩᠭᠤᠯᠴᠤᠳ ᠤᠨ ᠡᠷᠳᠠᠨᠢᠰ ᠤᠨ ᠵᠥᠢᠯ ᠢ ᠡᠷᠭᠢᠮᠯᠡᠭᠦ ᠥᠵᠠᠯᠳᠠ ᠪᠠ ᠴᠢᠯᠠᠭᠤ᠂ ᠮᠤᠳᠤᠨ ᠤ ᠰᠢᠳᠥᠯᠭᠡ ᠶᠢᠨ ᠥᠢᠯᠠᠭᠠᠯᠳᠠ ᠠᠴᠠ ᠥᠨᠳᠤᠰᠤ ᠰᠤᠷᠪᠤᠯᠵᠢ ᠲᠠᠢ ᠶᠤᠮ᠃
ᠴᠠᠭᠠᠨ ᠤᠪᠤᠭ᠎ᠠ ᠲᠠᠭᠢᠬᠤ ᠳᠤ ᠂ ᠴᠡᠭᠡ᠂ ᠰᠠᠭᠠᠯᠢ ᠶᠢᠨ ᠠᠷᠢᠭᠢ ᠪᠠᠷ ᠰᠠᠷᠵᠢᠮ ᠡᠷᠭᠦᠵᠥ᠂ ᠬᠤᠷᠤᠳ᠂ ᠰᠢᠷ᠎ᠠ ᠲᠤᠰᠤ ᠵᠠᠷᠭᠡ ᠴᠠᠭᠠᠨ ᠲᠠᠪᠠᠭᠯᠠᠨ ᠤᠪᠤᠭᠠᠨ ᠳᠤ ᠪᠠᠨ ᠡᠷᠭᠦᠨ ᠲᠠᠪᠰᠢᠭᠦᠯᠵᠥ᠂ ᠮᠥᠷᠭᠦᠯ ᠲᠠᠭᠠᠳᠬᠠᠯ ᠭᠢᠭᠦ ᠶᠢ ᠭᠡᠯᠡᠳᠡᠭ᠃ ᠡᠨᠡ ᠨᠢ ᠮᠤᠩᠭᠤᠯᠴᠤᠳ ᠤᠨ ᠴᠠᠭᠠᠨ ᠥᠡᠭᠭᠡ ᠶᠢᠨ ᠲᠠᠭᠡᠳᠤᠯᠡᠯ ᠤᠨ ᠥᠵᠠᠯᠳᠠ᠂ ᠴᠠᠭᠠᠨ ᠭᠥᠨᠳᠤᠳᠭᠡᠨ ᠲᠠᠭᠡᠳᠤᠯᠡᠭᠦ ᠰᠠᠳᠭᠢᠯᠭᠡ ᠶᠢᠨ ᠪᠤᠳᠠᠳᠤ ᠢᠯᠠᠷᠠᠯ ᠪᠤᠯᠤᠨ᠎ᠠ᠃
ᠤᠯᠠᠭᠠᠨ ᠤᠪᠤᠭ᠎ᠠ ᠲᠠᠭᠢᠬᠤ ᠳᠤ ᠲᠠᠭᠢᠯᠭ᠎ᠠ ᠳᠤ ᠪᠠᠯᠡᠳᠭᠡᠭᠰᠡᠨ ᠰᠢᠭᠦᠰᠤ ᠪᠠᠨ ᠲᠠᠪᠠᠭᠯᠠᠵᠤ ᠤᠪᠤᠭᠠᠨ ᠳᠤ ᠡᠷᠭᠦᠨ ᠲᠠᠪᠰᠢᠭᠦᠯᠵᠥ᠂ ᠮᠥᠷᠭᠦᠯ ᠲᠠᠭᠠᠳᠬᠠᠯ ᠭᠢᠭᠦ ᠶᠢ ᠭᠡᠯᠡᠳᠡᠭ᠃ ᠡᠨᠡ ᠨᠢ ᠮᠤᠩᠭᠤᠯᠴᠤᠳ ᠤᠨ ᠰᠢᠭᠦᠰᠤ ᠶᠢ ᠢᠳᠡᠭᠡᠨ ᠤ ᠲᠡᠭᠡᠵᠢ ᠪᠠᠷ ᠭᠥᠨᠳᠤᠳᠭᠡᠨ ᠲᠠᠭᠡᠳᠥᠯᠡᠭᠦ ᠥᠵᠠᠯ ᠥᠢᠯᠠᠭᠠᠯᠳᠠ ᠠᠴᠠ ᠥᠨᠳᠤᠰᠤᠯᠠᠯ ᠲᠠᠢ᠃
ᠲᠠᠭᠢᠯᠭ᠎ᠠ ᠶᠢᠨ ᠥᠢᠯᠨ ᠶᠤᠰᠤᠯᠠᠯ ᠤᠯᠠᠩᠭᠢ ᠭᠠᠵᠠᠷ ᠲᠤᠭᠳᠠᠭᠰᠠᠨ ᠵᠤᠷᠰᠢᠯ ᠢᠶᠠᠷ ᠤᠯᠠᠮᠵᠢᠯᠠᠭᠳᠠᠭᠰᠠᠨ ᠪᠠᠶᠢᠳᠠᠭ᠃ ᠲᠠᠭᠢᠯᠭ᠎ᠠ ᠡᠷᠭᠢᠯᠡᠭᠴᠢᠳ ᠤᠪᠤᠭ᠎ᠠ ᠮᠤᠳᠤ ᠶᠢ ᠵᠠᠰᠠᠵᠤ ᠴᠢᠮᠡᠭᠯᠡᠨ᠂ ᠠᠷᠴᠠ᠂ ᠭᠥᠵᠢ ᠪᠠᠷ ᠠᠷᠢᠭᠤᠳᠬᠠᠵᠤ᠂ ᠠᠷᠢᠭᠢ ᠰᠠᠷᠬᠤᠳ᠂ ᠰᠠᠭᠠᠯᠢ ᠪᠠᠷ ᠰᠠᠴᠤᠯᠢ ᠡᠷᠭᠦᠨ᠂ ᠬᠠᠳᠠᠭ ᠭᠭᠢᠪ᠂ ᠭᠡᠶᠢᠮᠤᠷᠢ ᠶᠢᠨ ᠲᠠᠷᠴᠤᠭ ᠤᠶᠠᠳᠠᠭ᠃ ᠲᠠᠭᠢᠯᠭ᠎ᠠ ᠳᠤ ᠤᠷᠤᠯᠴᠠᠭᠰᠠᠳ ᠤᠷᠭᠤᠬᠤ ᠨᠠᠷᠠ ᠲᠠᠢ ᠤᠷᠤᠯᠳᠤᠨ ᠭᠥᠷᠴᠤ᠂ ᠤᠪᠤᠭᠠᠨ ᠳᠤ ᠡᠷᠭᠦᠴᠠ ᠪᠠᠨ ᠡᠷᠭᠦᠵᠥ᠂ ᠮᠥᠷᠭᠦᠯ ᠲᠠᠭᠠᠳᠬᠠᠯ ᠭᠢᠳᠡᠭ᠃ ᠲᠠᠭᠢᠬᠤ ᠳᠤ ᠯᠠᠮᠠ ᠨᠠᠷ ᠲᠠᠭᠢᠯᠭ᠎ᠠ ᠶᠢᠨ ᠰᠠᠩ᠂ ᠥᠴᠢᠭ᠂ ᠲᠠᠭᠠᠳᠬᠠᠯ ᠤᠡᠭᠰᠢᠳᠠᠭ᠃ ᠲᠠᠭᠢᠯᠭ᠎ᠠ ᠶᠢᠨ ᠰᠠᠩ ᠲᠠᠭᠠᠳᠬᠠᠯ ᠳᠤ᠂ ᠤᠪᠤᠭ᠎ᠠ ᠶᠢᠨ ᠡᠵᠠᠨ ᠰᠢᠳᠥᠭᠡᠨ ᠳᠤ ᠬᠠᠨᠳᠤᠵᠤ᠂ ᠪᠠᠶᠠᠰᠬᠠᠨ ᠪᠠᠶᠠᠷᠯᠠᠭᠤᠯᠬᠤ ᠪᠠ ᠡᠷᠭᠦᠴᠠ ᠲᠠᠭᠢᠯ ᠢᠶᠠᠨ ᠮᠡᠳᠡᠭᠦᠯᠵᠥ᠂ ᠥᠷᠥᠰᠢᠶᠠᠯ ᠢᠪᠡᠭᠡᠯ ᠢ ᠨᠢ ᠭᠥᠷᠳᠡᠭᠦ ᠭᠡᠰᠡᠨ ᠭᠥᠰᠡᠯ ᠵᠤᠷᠢᠯᠳᠠ ᠪᠠᠨ ᠢᠯᠠᠳᠭᠡᠳᠡᠭ᠃ ᠵᠢᠱᠢᠶᠠᠯᠠᠪᠠᠯ᠄ ᠬᠠᠨ ᠬᠤᠷᠮᠤᠰᠳᠠ ᠲᠡᠭᠷᠢ ᠡᠭᠢᠯᠡᠨ ᠬᠠᠷ᠎ᠠ ᠴᠠᠭᠠᠨ ᠢ ᠲᠤᠭᠢᠷᠠᠭᠤᠯᠤᠭᠴᠢ ᠬᠠᠨᠭ᠍ᠭᠠᠢ ᠶᠡᠭᠡ ᠶᠠᠷ᠎ᠠ ᠶᠢᠰᠤᠨ ᠲᠡᠭᠷᠢ ᠮᠥᠡᠭᠭᠡ ᠭᠠᠵᠠᠷ ᠤᠨ ᠰᠠᠭᠢᠭᠤᠯᠰᠤᠨ ᠠᠯᠳᠠᠨ ᠥᠨᠳᠤᠷ ᠤᠷᠭᠢᠯ ᠠᠮᠢᠳᠠᠨ ᠲᠥᠮᠡᠨ ᠤ ᠤᠡᠭᠭᠤᠳ ᠠᠭᠤᠯᠠ ᠤᠰᠤᠨ ᠤ ᠡᠵᠠᠳ ᠤᠪᠤᠭ᠎ᠠ ᠤᠷᠤᠨ ᠤ ᠰᠠᠪᠳᠠᠭ ᠮᠥᠷᠠᠨ ᠭᠤᠤᠯ ᠤᠨ ᠰᠠᠭᠢᠭᠤᠯᠰᠤᠨ ᠮᠥᠡᠭᠭᠡ ᠷᠠᠰᠢᠶᠠᠨ ᠪᠤᠯᠠᠭ ᠤᠨ ᠡᠵᠠᠳ ᠢᠳᠡᠭᠡᠨ ᠤ ᠲᠡᠭᠡᠵᠢ ᠭᠡᠭᠦᠨ ᠰᠥᠨ ᠢᠶᠠᠨ ᠢᠮᠠᠭᠳᠠ ᠶᠢᠨ ᠰᠠᠴᠤᠯᠢ ᠪᠤᠯᠭᠠᠨ ᠰᠠᠴᠤᠵᠤ ᠤᠮᠳᠠᠭᠠᠨ ᠤ ᠲᠡᠭᠡᠳᠤ ᠴᠠᠢ ᠶᠤᠭᠠᠨ ᠲᠡᠭᠡᠵᠢ ᠪᠤᠯᠭᠠᠨ ᠡᠷᠭᠦᠵᠥ ᠥᠨᠥᠷᠳᠠᠨ ᠤ ᠮᠠᠩᠯᠠᠢ ᠠᠷᠴᠠ ᠭᠥᠵᠢ ᠪᠠᠨ ᠡᠷᠭᠦᠯ ᠪᠤᠯᠭᠠᠨ ᠲᠠᠭᠢᠵᠥ ᠠᠯᠳᠠᠷ ᠢ ᠲᠠᠨ ᠲᠤᠷᠠᠳᠤᠨ ᠠᠷᠢᠭᠤᠨ ᠰᠢᠳᠥᠭᠡᠨ ᠪᠤᠯᠭᠠᠨ ᠲᠡᠭᠢᠵᠥ ᠡᠪᠤᠭᠡᠳ ᠨᠠᠰᠤᠳᠠᠳ ᠠᠴᠠ ᠡᠭᠢᠯᠡᠨ ᠥᠷ᠎ᠠ ᠭᠡᠥᠭᠡᠳ ᠲᠠᠶᠠᠭᠠᠷ ᠤᠨ ᠠᠮᠢ ᠨᠠᠰᠤᠨ ᠠᠴᠠ ᠡᠭᠢᠯᠡᠨ ᠠᠵᠤ ᠠᠮᠢᠳᠤᠷᠠᠯ ᠤᠨ ᠰᠠᠶᠢᠨ ᠰᠠᠶᠢᠬᠠᠨ ᠢ ᠢᠷᠥᠭᠡᠨ ᠪᠠᠶᠢᠵᠥ ᠥᠴᠢᠵᠥ ᠰᠠᠨᠠᠨ ᠪᠠᠶᠢᠵᠥ ᠰᠠᠴᠤᠨᠠᠮ ᠭᠡᠳᠡᠭ᠃ ᠲᠠᠭᠢᠯᠭ᠎ᠠ ᠳᠤ ᠤᠷᠤᠯᠴᠠᠭᠰᠠᠳ ᠤᠪᠤᠭ᠎ᠠ ᠪᠠᠨ ᠨᠠᠷᠠᠨ ᠵᠥᠪ ᠭᠤᠷᠪᠠ ᠡᠷᠭᠢᠵᠥ᠂ ᠤᠪᠤᠭᠠᠨ ᠳᠤ ᠴᠢᠯᠠᠭᠤ ᠨᠠᠮᠠᠷᠢᠯᠡᠳᠡᠭ ᠵᠠᠩᠰᠢᠯ ᠲᠠᠢ᠃ ᠲᠠᠭᠢᠯᠭ᠎ᠠ ᠶᠢ ᠲᠤᠭᠢᠶᠠᠯᠳᠤᠭᠤᠯᠤᠨ ᠮᠠᠯ ᠰᠡᠳᠡᠷᠯᠡᠭᠦ ᠵᠠᠩ ᠥᠢᠯᠨ ᠭᠥᠢᠴᠡᠳᠭᠡᠳᠡᠭ ᠪᠥᠭᠡᠳ ᠪᠥᠭᠡ ᠪᠡᠷᠢᠯᠳᠤᠬᠤ᠂ ᠮᠤᠷᠢ ᠤᠷᠤᠯᠳᠤᠬᠤ᠂ ᠰᠤᠷ ᠬᠠᠷᠪᠤᠬᠤ ᠤᠯᠠᠮᠵᠢᠯᠠᠯᠳᠤ ᠤᠷᠤᠯᠳᠤᠭᠠᠨ ᠮᠥᠷᠦ᠋ᠢᠴᠡᠭᠡᠨ ᠶᠠᠪᠤᠭᠤᠯᠳᠠᠭ᠃