ᠵᠤᠬᠢᠶᠠᠭᠴᠢ:
ᠴᠠᠭ:2019-05-10
ᠥᠵᠡᠭᠰᠡᠨ : ℃
ᠢᠷᠡᠯᠲᠡ:
ᠳᠣᠲᠣᠭᠠᠳᠤ ᠮᠣᠩᠭᠣᠯ
ᠳᠣᠲᠣᠭᠠᠳᠤ ᠮᠣᠩᠭᠣᠯ ᠪᠠᠰᠠ ᠪᠦᠭᠦᠳᠡ ᠵᠠᠬᠢᠷᠬᠤ ᠬᠣᠰᠢᠭᠤ ᠭᠡᠳᠡᠭ ᠃ ᠡᠨᠡ ᠨᠢ ᠭᠣᠣᠯᠳᠠᠭᠤ ᠴᠢᠩ ᠠᠴᠠ ᠵᠠᠷᠢᠮ ᠮᠣᠩᠭᠣᠯ ᠢᠵᠠᠭᠤᠷᠲᠠᠳ ᠢ ᠲᠦᠪᠰᠢᠳᠬᠡᠭᠰᠡᠨ ᠦ ᠳᠠᠷᠠᠭ᠎ᠠ ᠣᠯᠠᠨ ᠤᠤᠯ ᠤᠨ ᠭᠠᠵᠠᠷ ᠭᠠᠵᠠᠷ ᠨᠡᠭᠦᠯᠭᠡᠵᠦ ᠪᠠᠢᠭᠤᠯᠤᠭᠰᠠᠨ ᠬᠣᠰᠢᠭᠤ ᠪᠣᠯᠤᠨ᠎ᠠ ᠃ ᠪᠦᠭᠦᠳᠡ ᠵᠠᠬᠢᠷᠬᠤ ᠬᠣᠰᠢᠭᠤ ᠨᠢ ᠴᠢᠩ ᠰᠢᠭᠤᠳ ᠭᠠᠵᠠᠷ ᠪᠠᠶᠢᠵᠤ᠂ ᠬᠣᠰᠢᠭᠤᠨ ᠳᠣᠲᠣᠷ᠎ᠠ ᠵᠠᠰᠠᠭ ᠪᠠᠢᠭᠤᠯᠬᠤ ᠦᠭᠡᠢ ᠪᠥᠭᠡᠳ ᠴᠢᠭᠤᠯᠭᠠᠨ ᠴᠢᠭᠤᠯᠬᠤ ᠶᠢ ᠴᠤ ᠬᠡᠷᠡᠭᠵᠢᠭᠦᠯᠬᠦ ᠦᠭᠡᠢ ᠂ ᠨᠣᠶᠠᠨ ᠵᠡᠷᠭᠡ ᠶᠢ ᠦᠶ᠎ᠡ ᠵᠠᠯᠭᠠᠮᠵᠢᠯᠠᠵᠤ ᠪᠣᠯᠬᠤ ᠦᠭᠡᠢ ᠂ ᠬᠡᠷᠡᠭ ᠶᠠᠪᠤᠳᠠᠯ ᠢ ᠥᠪᠡᠷ ᠢᠶᠡᠨ ᠡᠵᠡᠨ ᠮᠡᠳᠡᠵᠦ ᠪᠣᠯᠬᠤ ᠦᠭᠡᠢ ᠂ ᠬᠣᠰᠢᠭᠤᠨ ᠤ ᠶᠠᠪᠤᠳᠠᠯ ᠢ ᠴᠢᠩ ᠲᠣᠮᠢᠯᠠᠭᠰᠠᠨ ᠪᠦᠭᠦᠳᠡ ᠶᠢᠨ ᠳᠠᠷᠤᠭ᠎ᠠ ᠬᠠᠮᠢᠶᠠᠷᠤᠨ᠎ᠠ ᠭᠡᠵᠦ ᠲᠣᠭᠲᠠᠭᠠᠵᠠᠶ ᠃ ᠪᠦᠭᠦᠳᠡ ᠶᠢ ᠵᠠᠬᠢᠷᠬᠤ ᠬᠣᠰᠢᠭᠤᠨ ᠳᠤ ᠭᠣᠣᠯᠳᠠᠭᠤ ᠴᠠᠬᠠᠷ ᠨᠠᠢ᠌ᠮᠠᠨ ᠬᠣᠰᠢᠭᠤ ᠂ ᠢᠯᠢ ᠶᠢᠨ ᠴᠠᠬᠠᠷ ᠨᠠᠢ᠌ᠮᠠᠨ ᠬᠣᠰᠢᠭᠤ ᠂ ᠲᠦᠮᠡᠳ ᠬᠣᠶᠠᠷ ᠬᠣᠰᠢᠭᠤ ᠂ ᠵᠠᠬᠠᠴᠢᠨ ᠬᠣᠶᠠᠷ ᠬᠣᠰᠢᠭᠤ ᠂ ᠥᠭᠡᠯᠡᠳ ᠦᠨ ᠨᠢᠭᠡ ᠬᠣᠰᠢᠭᠤ ᠂ ᠢᠯᠢ ᠶᠢᠨ ᠥᠭᠡᠯᠡᠳ ᠦᠨ ᠭᠤᠷᠪᠠᠨ ᠬᠣᠰᠢᠭᠤ ᠂ ᠢᠯᠢ ᠶᠢᠨ ᠥᠭᠡᠯᠡᠳ ᠦᠨ ᠳᠣᠣᠷᠠᠳᠤ ᠲᠠᠪᠤᠨ ᠬᠣᠰᠢᠭᠤ ᠂ ᠲᠠᠷᠪᠠᠭ᠎ᠠ ᠲᠠᠢ ᠶᠢᠨ ᠥᠭᠡᠯᠡᠳ ᠦᠨ ᠨᠢᠭᠡ ᠬᠣᠰᠢᠭᠤ ᠂ ᠬᠣᠪᠳᠣ ᠶᠢᠨ ᠥᠭᠡᠯᠡᠳ ᠦᠨ ᠨᠢᠭᠡ ᠬᠣᠰᠢᠭᠤ ᠂ ᠮᠢᠩᠭᠠᠲᠤ ᠨᠢᠭᠡ ᠬᠣᠰᠢᠭᠤ ᠂ ᠮᠣᠩᠭᠣᠯ ᠨᠠᠢ᠌ᠮᠠᠨ ᠬᠣᠰᠢᠭᠤ ᠂ ᠲᠠᠩᠨᠤ ᠤᠷᠢᠶᠠᠩᠬᠠᠶ ᠶᠢᠨ ᠲᠠᠪᠤᠨ ᠬᠣᠰᠢᠭᠤ ᠂ ᠠᠯᠲᠠᠶ ᠵᠢᠴᠢ ᠠᠯᠲᠠᠶ ᠶᠢᠨ ᠤᠷᠢᠶᠠᠩᠬᠠᠶ ᠶᠢᠨ ᠶᠢᠰᠦᠨ ᠬᠣᠰᠢᠭᠤ ᠪᠠᠶᠳᠠᠭ ᠃
ᠪᠦᠭᠦᠳᠡ ᠵᠠᠬᠢᠷᠬᠤ ᠬᠣᠰᠢᠭᠤᠨ ᠳᠤ ᠪᠦᠭᠦᠳᠡ ᠳᠠᠷᠤᠭ᠎ᠠ ᠪᠠ ᠳᠡᠳ᠋ ᠪᠦᠭᠦᠳᠡ ᠳᠠᠷᠤᠭ᠎ᠠ ᠠᠴᠠ ᠭᠠᠳᠠᠨ᠎ᠠ ᠪᠠᠰᠠ ᠵᠠᠯᠠᠨ ᠵᠠᠩᠭᠢ ᠂ ᠰᠤᠮᠤᠨ ᠤ ᠵᠠᠩᠭᠢ ᠂ ᠣᠷᠣᠯᠠᠨ ᠬᠥᠭᠡᠭᠡᠭᠴᠢ ᠂ ᠰᠡᠷᠭᠡᠶᠢᠯᠡᠨ ᠬᠠᠮᠠᠭᠠᠯᠠᠬᠤ ᠰᠤᠷᠭᠠᠭᠤᠯᠢ ᠵᠡᠷᠭᠡ ᠲᠤᠰᠢᠶᠠᠯᠲᠠᠨ ᠪᠠᠶᠳᠠᠭ ᠃ ᠬᠣᠰᠢᠭᠤᠨ ᠳᠣᠲᠣᠷᠠᠬᠢ ᠭᠠᠵᠠᠷ ᠰᠢᠷᠣᠶ ᠨᠢ ᠵᠢᠭᠠᠨ ᠲᠣᠭᠲᠠᠭᠠᠭᠰᠠᠨ ᠮᠠᠯᠵᠢᠬᠤ ᠣᠷᠣᠨ ᠠᠴᠠ ᠭᠠᠳᠠᠨ᠎ᠠ᠂ ᠪᠠᠰᠠ ᠤᠯᠤᠰ ᠠᠴᠠ ᠰᠠᠭᠤᠭ᠎ᠠ ᠴᠡᠷᠢᠭ᠂ ᠠᠲᠠᠷ ᠬᠠᠭᠠᠯᠪᠤᠷᠢᠯᠠᠬᠤ ᠳᠤ ᠬᠡᠷᠡᠭᠯᠡᠨ᠎ᠡ᠃ ᠨᠠᠰᠤᠨ ᠳᠤ ᠬᠦᠷᠦᠭᠰᠡᠨ ᠡᠷᠡᠴᠦᠳ ᠡᠩ ᠦᠨ ᠳᠤ ᠠᠯᠪᠠᠨ ᠶᠠᠮᠤᠨ ᠤ ᠬᠦᠴᠦᠨ ᠦ ᠠᠯᠪᠠ ᠶᠢ ᠡᠭᠦᠷᠭᠡᠯᠡᠵᠦ ᠂ ᠰᠦᠷᠦᠭ ᠪᠠ ᠮᠠᠯᠵᠢᠯ ᠤᠨ ᠲᠠᠯᠠᠪᠠᠢ ᠶᠢᠨ ᠮᠠᠯᠴᠢᠨ ᠪᠣᠯᠳᠠᠭᠭᠣᠣᠯ ᠬᠠᠮᠢᠶᠠᠷᠤᠭᠴᠢ ᠵᠠᠩᠵᠤᠨ ᠂ ᠬᠣᠰᠢᠭᠤ ᠶᠢ ᠵᠠᠬᠢᠷᠬᠤ ᠰᠠᠢᠳ ᠂ ᠰᠠᠢᠳ ᠤᠨ ᠲᠣᠮᠢᠯᠠᠯᠲᠠ ᠶᠢ ᠳᠠᠭᠠᠵᠤ ᠂ ᠬᠡᠷᠡᠭᠴᠡᠭᠡ ᠲᠡᠶ ᠭᠠᠵᠠᠷ ᠲᠤ ᠬᠦᠷᠴᠦ ᠴᠡᠷᠢᠭ ᠠᠯᠪᠠ ᠬᠠᠭᠠᠬᠤ ᠡᠭᠦᠷᠭᠡ ᠶᠢ ᠡᠭᠦᠷᠭᠡᠯᠡᠵᠦ ᠂ ᠴᠡᠷᠢᠭ ᠴᠢᠬᠤᠯᠠ ᠭᠠᠵᠠᠷ ᠂ ᠴᠠᠶᠢᠵᠠ ᠂ ᠬᠠᠷᠠᠭᠤᠯ ᠂ ᠳᠠᠶᠢᠯᠠᠯᠳᠤᠭᠠᠨ ᠂ ᠠᠯᠪᠠᠨ ᠰᠠᠩ ᠵᠡᠷᠭᠡ ᠶᠢ ᠰᠠᠬᠢᠨ ᠃