ᠵᠤᠬᠢᠶᠠᠭᠴᠢ:
ᠴᠠᠭ:2019-05-06
ᠥᠵᠡᠭᠰᠡᠨ : ℃
ᠢᠷᠡᠯᠲᠡ:
ᠮᠣᠩᠭᠣᠯ ᠬᠠᠳᠬᠤᠮᠠᠯ
ᠮᠣᠩᠭᠣᠯ ᠦᠨᠳᠦᠰᠦᠲᠡᠨ ᠪᠣᠯ ᠥᠨᠢ ᠤᠳᠠᠭᠠᠨ ᠬᠠᠳᠬᠤᠮᠠᠯ ᠤᠨ ᠤᠷᠠᠯᠢᠭ ᠤᠨ ᠶᠤᠮ ᠃ ᠲᠡᠤᠬᠡ ᠶᠢᠨ ᠤᠷᠳᠤ ᠠᠶᠠᠨ ᠳᠤ ᠂ ᠬᠠᠳᠬᠤᠮᠠᠯ ᠤᠨ ᠤᠷᠠᠯᠢᠭ ᠨᠢ ᠠᠷᠠᠳ ᠤᠨ ᠠᠮᠢᠳᠤᠷᠠᠯ ᠲᠠᠶ ᠬᠠᠷᠢᠯᠴᠠᠨ ᠂ ᠮᠣᠩᠭᠣᠯ ᠦᠨᠳᠦᠰᠦᠲᠡᠨ ᠬᠠᠳᠬᠤᠮᠠᠯ ᠤᠨ ᠤᠷᠠᠯᠢᠭ ᠢᠶᠠᠷ ᠠᠮᠢᠳᠤᠷᠠᠯ ᠢᠶᠠᠨ ᠴᠢᠮᠡᠭᠯᠡᠬᠦ ᠳᠤᠷᠠᠲᠠᠶ ᠪᠠᠶᠢᠵᠤ ᠂ ᠢᠳᠡᠵᠦ ᠡᠮᠦᠰᠬᠦ ᠶᠠᠪᠤᠵᠤ ᠰᠠᠭᠤᠬᠤ ᠡᠯ᠎ᠡ ᠬᠦᠷᠢᠶᠡᠨ ᠳᠦ ᠤᠯᠠᠮᠵᠢᠯᠠᠯᠲᠤ ᠬᠠᠳᠬᠤᠮᠠᠯ ᠤᠨ ᠤᠷᠠᠯᠢᠭ ᠷᠢᠳᠢ ᠰᠢᠳᠢ ᠪᠠᠳᠠᠷᠠᠭᠤᠯᠵᠤ ᠃
ᠬᠤᠪᠴᠠᠰᠤ ᠵᠠᠰᠠᠯ ᠬᠠᠳᠬᠤᠮᠠᠯ
ᠬᠤᠪᠴᠠᠰᠤ ᠵᠠᠰᠠᠯ ᠪᠣᠯ ᠮᠣᠩᠭᠣᠯ ᠬᠠᠳᠬᠤᠮᠠᠯ ᠤᠨ ᠤᠷᠠᠯᠢᠭ ᠤᠨ ᠢᠯᠡᠷᠡᠯ ᠢᠶᠡᠷ ᠬᠠᠮᠤᠭ ᠲᠥᠪᠯᠡᠷᠡᠩᠭᠦᠶ ᠠᠮᠢᠳᠤᠷᠠᠯ ᠤᠨ ᠪᠣᠳᠠᠰ ᠤᠨ ᠨᠢᠭᠡ ᠪᠣᠯᠤᠨ᠎ᠠ ᠃ ᠮᠣᠩᠭᠣᠯ ᠦᠨᠳᠦᠰᠦᠲᠡᠨ ᠦ ᠤᠯᠠᠮᠵᠢᠯᠠᠯᠲᠤ ᠬᠤᠪᠴᠠᠰᠤ ᠬᠤᠨᠠᠷ — ᠂ ᠥᠮᠥᠳᠥ ᠂ ᠂ ᠮᠠᠯᠠᠭᠠᠶ ᠂ ᠭᠤᠲᠤᠯ ᠵᠡᠷᠭᠡ ᠨᠢ ᠭᠤᠶᠤ ᠬᠠᠳᠬᠤᠮᠠᠯ ᠲᠠᠶ ᠂ ᠡᠳᠡᠭᠡᠷ ᠬᠠᠳᠬᠤᠮᠠᠯ ᠲᠡᠳᠡᠨ ᠤ ᠬᠤᠪᠴᠠᠰᠤ ᠬᠤᠨᠠᠷ ᠢ ᠤᠯᠠᠮ ᠭᠣᠶᠣ ᠪᠣᠯᠭᠠᠵᠤ ᠂ ᠪᠠᠰᠠ ᠥᠷᠥᠯᠲᠡ ᠳᠦ ᠳᠠᠭᠠᠭᠠᠮᠠᠭᠠᠶ ᠪᠣᠯᠭᠠᠵᠤ ᠂ ᠮᠣᠩᠭᠣᠯ ᠦᠨᠳᠦᠰᠦᠲᠡᠨ ᠦ ᠦᠢᠯᠡᠳᠪᠦᠷᠢᠯᠡᠯ ᠠᠮᠢᠳᠤᠷᠠᠯ ᠳᠤ ᠮᠠᠰᠢ ᠲᠣᠬᠢᠷᠠᠮᠵᠢᠲᠠᠶ ᠪᠣᠯᠭᠠᠳᠠᠭ ᠃
ᠭᠠᠵᠠᠷ ᠣᠷᠣᠨ ᠪᠠ ᠤᠭᠰᠠᠭᠠᠲᠠᠨ ᠤ ᠠᠳᠠᠯᠢ ᠪᠤᠰᠤ ᠠᠴᠠ ᠪᠣᠯᠵᠤ ᠂ ᠮᠣᠩᠭᠣᠯ ᠬᠤᠪᠴᠠᠰᠤ ᠵᠠᠰᠠᠯ ᠬᠡ ᠤᠭᠠᠯᠵᠠ ᠂ ᠂ ᠭᠠᠷ ᠤᠷᠠᠯᠠᠯ ᠨᠢ ᠴᠦ ᠢᠯᠭᠠᠭ᠎ᠠ ᠲᠠᠶ ᠃ ᠵᠢᠱᠢᠶᠡᠯᠡᠪᠡᠯ ᠂ ᠬᠣᠷᠴᠢᠨ ᠮᠣᠩᠭᠣᠯ ᠬᠤᠪᠴᠠᠰᠤ ᠵᠠᠰᠠᠯ ᠬᠠᠳᠬᠤᠮᠠᠯ ᠤᠨ ᠬᠡ ᠤᠭᠠᠯᠵᠠ ᠨᠢ ᠨᠡᠯᠢᠶᠡᠳ ᠣᠯᠠᠨ ᠂ ᠣᠯᠠᠩᠬᠢ ᠨᠢ ᠴᠡᠴᠡᠭ ᠰᠢᠪᠠᠭᠤ ᠡᠪᠡᠰᠦ ᠬᠣᠷᠣᠬᠠᠶ ᠵᠡᠷᠭᠡ ᠃ ᠤᠷᠠᠳ ᠂ ᠰᠥᠨᠢᠳ ᠵᠡᠷᠭᠡ ᠭᠠᠵᠠᠷ ᠣᠷᠣᠨ ᠤ ᠮᠣᠩᠭᠣᠯᠴᠤᠳ ᠬᠠᠷᠢᠨ ᠨᠠᠩ ᠳᠥᠭᠥᠮ ᠬᠢᠯᠪᠠᠷ ᠂ ᠭᠣᠶᠣ ᠵᠢᠷᠤᠭᠠᠰᠤ ᠳᠤ ᠳᠤᠷᠠᠲᠠᠶ
ᠬᠤᠪᠴᠠᠰᠤ ᠬᠤᠨᠠᠷ ᠡᠴᠡ ᠭᠠᠳᠠᠨ᠎ᠠ ᠂ ᠮᠣᠩᠭᠣᠯ ᠦᠨᠳᠦᠰᠦᠲᠡᠨ ᠦ ᠪᠤᠰᠤᠳ ᠵᠠᠰᠠᠯ ᠴᠢᠮᠡᠭᠯᠡᠯ ᠴᠦ ᠮᠠᠰᠢ ᠣᠯᠠᠨ ᠬᠠᠳᠬᠤᠮᠠᠯ ᠃ ᠵᠢᠱᠢᠶᠡᠯᠡᠪᠡᠯ ᠭᠠᠷ ᠠᠯᠴᠢᠭᠤᠷ ᠂ ᠬᠠᠪᠲᠠᠭ᠎ᠠ ᠂ ᠠᠶᠠᠭ᠎ᠠ ᠰᠢᠨᠠᠭ᠎ᠠ ᠂ ᠵᠡᠭᠦᠪᠴᠢ ᠂ ᠮᠣᠩᠭᠣᠯ ᠦᠨᠳᠦᠰᠦᠲᠡᠨ ᠦ ᠡᠷᠡᠭᠲᠡᠶ ᠡᠮᠡᠭᠲᠡᠶ ᠶᠢᠨ ᠪᠡᠶ᠎ᠡ ᠳᠡᠭᠡᠨ ᠠᠪᠴᠤ ᠶᠠᠪᠤᠭ᠎ᠠ ᠡᠳ᠋ᠯᠡᠯ ᠬᠡᠷᠡᠭᠰᠡᠯ ᠬᠡᠷᠡᠭᠯᠡᠭᠡᠨ ᠦ ᠪᠠ ᠵᠠᠰᠠᠯ ᠴᠢᠮᠡᠭᠯᠡᠯ ᠳᠠᠪᠬᠤᠷ ᠴᠢᠳᠠᠮᠵᠢ ᠲᠠᠶ ᠳᠡᠭᠡᠷ᠎ᠡ ᠴᠦ ᠮᠠᠰᠢ ᠣᠯᠠᠨ ᠭᠣᠶᠣ ᠂ ᠥᠯᠵᠡᠢ ᠪᠡᠯᠭᠡ ᠲᠡᠶ ᠬᠠᠳᠬᠤᠮᠠᠯ ᠤᠨ ᠬᠡ ᠤᠭᠠᠯᠵᠠ ᠃