ᠵᠤᠬᠢᠶᠠᠭᠴᠢ:
ᠴᠠᠭ:2019-04-16
ᠥᠵᠡᠭᠰᠡᠨ : ℃
ᠢᠷᠡᠯᠲᠡ:
ᠮᠤᠩᠭᠤᠯ ᠭᠡᠷ ᠤᠨ ᠴᠠᠭᠡᠷ ᠶᠤᠰᠤ
ᠮᠤᠩᠭᠤᠯᠴᠤᠳ ᠮᠤᠩᠭᠤᠯ ᠭᠡᠷ ᠢ ᠤᠷᠤᠨ ᠰᠠᠭᠤᠴᠠ ᠶᠢᠨ ᠬᠤᠪᠢ ᠪᠠᠷ ᠭᠥᠨᠳᠤᠳᠭᠡᠨ ᠥᠵᠡᠳᠡᠭ ᠤᠨ ᠬᠠᠮᠳᠤ᠂ ᠠᠵᠠ ᠵᠢᠷᠭᠠᠯ ᠤᠨ ᠪᠡᠯᠭᠡᠳᠡᠯ ᠪᠤᠯᠭᠠᠵᠤ ᠡᠷᠭᠢᠮᠯᠠᠨ ᠲᠡᠭᠡᠳᠤᠯᠡᠳᠡᠭ ᠤᠴᠢᠷ ᠠᠴᠠ ᠮᠤᠩᠭᠤᠯ ᠭᠡᠷ ᠲᠠᠢ ᠬᠤᠯᠪᠤᠭᠳᠠᠭᠰᠠᠨ ᠴᠡᠭᠡᠷ ᠶᠤᠰᠤ ᠪᠥᠷᠢᠯᠳᠥᠵᠥ᠂ ᠤᠯᠠᠮᠵᠢᠯᠠᠭᠳᠠᠭᠰᠠᠭᠠᠷ ᠢᠷᠡᠭᠰᠡᠨ ᠶᠤᠮ᠃ ᠡᠳᠡᠭᠡᠷ ᠴᠡᠭᠡᠷ ᠶᠤᠰᠤ ᠨᠢ ᠮᠤᠩᠭᠤᠯ ᠭᠡᠷ ᠪᠠᠷᠢᠵᠥ ᠪᠤᠰᠬᠠᠬᠤ ᠥᠢᠯᠠ ᠶᠠᠪᠤᠴᠠ ᠪᠠ ᠰᠠᠭᠤᠵᠤ ᠡᠳ᠋ᠯᠡᠭᠦ ᠶᠤᠰᠤ ᠵᠠᠩᠰᠢᠯ ᠤᠨ ᠤᠯᠠᠨ ᠲᠠᠯ᠎ᠠ ᠳᠤ ᠬᠤᠯᠪᠤᠭᠳᠠᠵᠤ᠂ ᠥᠷᠭᠡᠨ ᠠᠭᠤᠯᠭ᠎ᠠ ᠶᠢ ᠬᠠᠮᠤᠷᠤᠭᠰᠠᠨ ᠪᠠᠶᠢᠳᠠᠭ᠃
ᠮᠤᠩᠭᠤᠯ ᠭᠡᠷ ᠢ ᠪᠠᠷᠢᠵᠥ ᠪᠤᠰᠬᠠᠬᠤ ᠳᠤ ᠪᠠᠨ ᠭᠠᠵᠠᠷ ᠤᠨ ᠪᠠᠶᠢᠴᠠ ᠶᠢ ᠠᠵᠢᠭᠯᠠᠨ ᠰᠢᠨᠵᠢᠵᠤ᠂ ᠥᠮᠥᠭ ᠲᠥᠰᠢᠭ ᠲᠠᠢ᠂ ᠥᠯᠵᠠᠢ ᠮᠥᠷ ᠲᠠᠢ ᠪᠠᠶᠢᠬᠤ ᠶᠢ ᠡᠷᠭᠢᠮᠯᠡᠳᠡᠭ ᠤᠴᠢᠷ ᠠᠴᠠ ᠬᠤᠶᠠᠷ ᠵᠠᠮ ᠤᠨ ᠠᠭᠤᠯᠵᠠᠷ ᠪᠤᠶᠤ ᠴᠤᠪᠤᠭ᠎ᠠ ᠵᠠᠮ ᠲᠡᠭᠡᠷ᠎ᠠ ᠭᠡᠷ ᠪᠠᠷᠢᠬᠤ ᠶᠢ ᠴᠡᠭᠡᠷᠯᠡᠭᠦ᠂ ᠬᠠᠭᠤᠴᠢᠨ ᠪᠠᠭᠤᠴᠠ ᠶᠢᠨ ᠤᠷᠤ ᠲᠡᠭᠡᠷ᠎ᠠ ᠪᠤᠶᠤ ᠬᠤᠨᠢ ᠮᠠᠯ ᠤᠨ ᠭᠡᠪᠳᠡᠷᠢ ᠲᠡᠭᠡᠷ᠎ᠠ ᠭᠡᠷ ᠪᠠᠷᠢᠬᠤ ᠶᠢ ᠴᠡᠭᠡᠷᠯᠡᠳᠡᠭ᠃
ᠮᠤᠩᠭᠤᠯ ᠭᠡᠷ ᠤᠨ ᠭᠠᠯ ᠭᠤᠯᠤᠮᠳᠠ ᠶᠢ ᠠᠶᠢᠯ ᠡᠷᠥᠭᠡ ᠶᠢᠨ ᠲᠥᠯᠥᠭᠡᠯᠡᠯ᠂ ᠥᠭᠡᠳᠠᠯᠠᠯ ᠲᠡᠭᠵᠢᠷᠠᠯ ᠤᠨ ᠪᠡᠯᠭᠡᠳᠠᠯ ᠢᠶᠠᠷ ᠥᠵᠠᠵᠤ ᠲᠡᠭᠡᠳᠤᠯᠡᠨ ᠭᠥᠨᠳᠤᠳᠭᠡᠳᠡᠭ ᠪᠤᠯᠬᠤᠷ᠂ ᠠᠶᠢᠯ ᠤᠨ ᠭᠠᠯ ᠭᠤᠯᠤᠮᠳᠠ ᠶᠢ ᠭᠢᠰᠭᠢᠭᠦ ᠶᠢ ᠴᠡᠭᠡᠷᠯᠡᠭᠦ᠂ ᠭᠠᠯ ᠭᠤᠯᠤᠮᠳᠠ ᠤᠷᠤᠭᠤ ᠤᠰᠤ ᠰᠠᠴᠤᠬᠤ᠂ ᠨᠢᠯᠪᠤᠬᠤ ᠪᠠ ᠪᠤᠵᠠᠷ ᠶᠠᠭᠤᠮ᠎ᠠ ᠬᠠᠶᠠᠬᠤ ᠶᠢ ᠴᠡᠭᠡᠷᠯᠡᠭᠦ᠂ ᠲᠤᠯᠭ᠎ᠠ ᠵᠤᠤᠬ᠎ᠠ ᠪᠠ ᠭᠤᠯᠤᠮᠳᠠ ᠶᠢᠨ ᠭᠥᠷᠢᠶ᠎ᠠ ᠮᠤᠳᠤ ᠶᠢ ᠴᠤᠭᠢᠵᠤ ᠲᠤᠭᠰᠢᠬᠤ ᠶᠢ ᠴᠡᠭᠡᠷᠯᠡᠭᠦ᠂ ᠭᠤᠯᠤᠮᠳᠠ ᠲᠤᠯᠭ᠎ᠠ ᠶᠢᠨ ᠵᠥᠭ ᠢᠷᠳᠤ ᠮᠠᠰᠠ ᠬᠠᠨᠳᠤᠭᠤᠯᠬᠤ ᠶᠢ ᠴᠡᠭᠡᠷᠯᠡᠭᠦ᠂ ᠵᠢᠴᠢ ᠭᠠᠯ ᠭᠤᠯᠤᠮᠳᠠ ᠲᠠᠢ ᠬᠤᠯᠪᠤᠭᠳᠠᠭᠤᠯᠵᠤ᠂ ᠭᠠᠯ ᠤᠨ ᠬᠠᠶᠢᠴᠢ ᠶᠢ ᠭᠢᠰᠭᠢᠭᠦ᠂ ᠠᠷᠭᠠᠯ ᠤᠨ ᠰᠠᠪᠠ ᠲᠡᠭᠡᠷ᠎ᠠ ᠰᠠᠭᠤᠬᠤ ᠪᠤᠶᠤ ᠬᠤᠭ ᠨᠤᠪᠰᠢ᠂ ᠪᠤᠵᠠᠷ ᠶᠠᠭᠤᠮ᠎ᠠ ᠭᠢᠭᠦ ᠶᠢ ᠴᠡᠭᠡᠷᠯᠡᠳᠡᠭ᠃
ᠮᠤᠩᠭᠤᠯ ᠭᠡᠷ ᠤᠨ ᠲᠤᠭᠤᠨᠤ ᠶᠢ ᠠᠶᠢᠯ ᠡᠷᠥᠭᠡ ᠶᠢᠨ ᠮᠠᠨᠳᠤᠯ ᠭᠥᠭᠵᠢᠯ ᠢᠶᠠᠷ ᠪᠠᠯᠭᠡᠳᠠᠵᠤ᠂ ᠲᠤᠭᠤᠨᠤ ᠶᠢᠨ ᠲᠡᠭᠡᠷ᠎ᠠ ᠡᠷᠥᠭᠡ ᠠᠴᠠ ᠥᠭᠡᠷ᠎ᠠ ᠶᠠᠭᠤᠮ᠎ᠠ ᠲᠠᠯᠪᠢᠬᠤ ᠶᠢ ᠴᠡᠭᠡᠷᠯᠡᠳᠡᠭ᠃ ᠮᠤᠩᠭᠤᠯ ᠭᠡᠷ ᠢᠶᠠᠨ ᠠᠴᠢᠶᠠᠯᠠᠵᠤ ᠨᠡᠭᠦᠭᠦ ᠳᠤ ᠲᠤᠭᠤᠨᠤ ᠶᠢᠨ ᠲᠡᠭᠡᠭᠦᠷ ᠠᠯᠬᠤᠬᠤ ᠪᠠ ᠡᠯᠳᠠᠪ ᠶᠠᠭᠤᠮ᠎ᠠ ᠲᠠᠢ ᠬᠤᠯᠢᠯᠳᠤᠭᠤᠯᠤᠨ ᠲᠡᠭᠡᠭᠡᠭᠦ ᠶᠢ ᠴᠡᠭᠡᠷᠯᠡᠳᠡᠭ ᠵᠠᠩᠰᠢᠯ ᠲᠠᠢ᠃
ᠮᠤᠩᠭᠤᠯ ᠭᠡᠷ ᠤᠨ ᠡᠷᠥᠭᠡ ᠶᠢ ᠥᠭᠡᠳᠠᠯᠠᠨ ᠮᠠᠨᠳᠤᠬᠤ ᠶᠢᠨ ᠭᠡᠶᠢᠮᠥᠷᠢ ᠪᠠᠷ ᠪᠡᠯᠭᠡᠳᠠᠨ ᠭᠥᠨᠳᠤᠳᠭᠡᠵᠥ᠂ ᠨᠡᠭᠦᠵᠤ ᠪᠠᠭᠤᠬᠤ ᠳᠤ ᠪᠠᠨ ᠲᠤᠭᠤᠰᠤ ᠰᠢᠷᠥᠢ ᠶᠢ ᠨᠢ ᠭᠥᠪᠢᠵᠥ᠂ ᠡᠷᠥᠭᠡ ᠶᠢᠨ ᠲᠡᠭᠡᠭᠦᠷ ᠠᠯᠬᠤᠬᠤ ᠪᠠ ᠲᠡᠭᠡᠷ᠎ᠠ ᠨᠢ ᠰᠠᠭᠤᠬᠤ ᠶᠢ ᠴᠡᠭᠡᠷᠯᠠᠵᠤ᠂ ᠲᠤᠭᠤᠨᠤ ᠲᠡᠭᠡᠭᠡᠭᠰᠡᠨ ᠲᠠᠷᠭᠡᠨ ᠳᠤ ᠠᠴᠢᠳᠠᠭ᠃ ᠪᠤᠷᠤᠭᠠᠨ᠂ ᠴᠠᠰᠤ ᠤᠷᠤᠬᠤ ᠠᠴᠠ ᠪᠤᠰᠤᠳ ᠪᠠᠶᠢᠳᠠᠯ ᠳᠤ ᠡᠳᠤᠷ ᠢᠶᠠᠷ ᠡᠷᠥᠭᠡ ᠪᠠᠨ ᠪᠥᠳᠡᠭᠡᠭᠦ ᠶᠢ ᠴᠢᠩᠭ᠎ᠠ ᠴᠠᠭᠡᠷᠯᠡᠳᠡᠭ᠃
ᠮᠤᠩᠭᠤᠯ ᠭᠡᠷ ᠤᠨ ᠪᠠᠭᠠᠨ᠎ᠠ᠂ ᠲᠤᠯᠭᠠᠭᠤᠷᠢ ᠶᠢ ᠠᠶᠢᠯ ᠭᠡᠷ ᠤᠨ ᠲᠥᠰᠢᠭ ᠲᠤᠯᠭᠠᠭᠤᠷᠢ ᠪᠠᠷ ᠭᠥᠨᠳᠤᠳᠭᠡᠨ ᠥᠵᠠᠵᠤ᠂ ᠨᠡᠭᠦᠵᠥ ᠪᠠᠭᠤᠬᠤ ᠳᠤ ᠪᠠᠨ ᠲᠤᠭᠤᠨᠤ ᠲᠠᠢ ᠬᠠᠮᠳᠤ ᠠᠴᠢᠳᠠᠭ᠃ ᠪᠠᠭᠠᠨ᠎ᠠ ᠲᠡᠭᠡᠭᠦᠷ ᠠᠯᠬᠤᠬᠤ ᠶᠢ ᠴᠡᠭᠡᠷᠯᠡᠭᠦ᠂ ᠰᠢᠳᠠᠵᠤ ᠬᠠᠶᠠᠬᠤ ᠶᠢ ᠴᠡᠭᠡᠷᠯᠡᠭᠦ ᠪᠥᠭᠡᠳ ᠭᠡᠷ ᠤᠨ ᠪᠠᠭᠠᠨ᠎ᠠ᠂ ᠲᠤᠯᠭᠠᠭᠤᠷᠢ ᠶᠢ ᠲᠥᠰᠢᠭᠦ ᠪᠤᠶᠤ ᠲᠠᠪᠡᠷᠢᠵᠥ ᠵᠤᠭᠰᠤᠬᠤ ᠶᠢ ᠴᠡᠭᠡᠷᠯᠡᠳᠡᠭ᠃
ᠮᠤᠩᠭᠤᠯ ᠭᠡᠷ ᠤᠨ ᠴᠢᠭᠳᠠᠭ᠎ᠠ ᠶᠢ ᠠᠶᠢᠯ ᠡᠷᠥᠭᠡ ᠶᠢᠨ ᠠᠮᠤᠷ ᠲᠥᠪᠰᠢᠨ ᠤ ᠪᠠᠳᠤᠯᠠᠭ᠎ᠠ᠂ ᠠᠳᠤᠭᠤ ᠮᠠᠯ ᠤᠨ ᠭᠡᠰᠢᠭ ᠪᠤᠶᠠᠨ ᠢ ᠲᠠᠯᠠᠯᠤᠭᠴᠢ ᠪᠠᠷ ᠪᠠᠯᠭᠡᠳᠠᠨ ᠥᠵᠡᠳᠡᠭ ᠪᠤᠯᠬᠤᠷ᠂ ᠴᠢᠭᠳᠠᠭ᠎ᠠ ᠶᠢ ᠭᠠᠵᠠᠷ ᠬᠠᠶᠠᠬᠤ᠂ ᠲᠡᠭᠡᠭᠦᠷ ᠨᠢ ᠠᠯᠬᠤᠬᠤ ᠶᠢ ᠴᠡᠭᠡᠷᠯᠡᠵᠥ᠂ ᠴᠢᠭᠳᠠᠭ᠎ᠠ ᠠᠴᠠ ᠴᠢᠩᠭᠠᠭᠠᠵᠤ ᠲᠠᠳᠠᠬᠤ ᠶᠢ ᠴᠡᠭᠡᠷᠯᠡᠳᠡᠭ᠃
ᠮᠤᠩᠭᠤᠯ ᠭᠡᠷ ᠤᠨ ᠡᠭᠦᠳᠠ ᠬᠠᠭᠠᠯᠭ᠎ᠠ ᠶᠢ ᠡᠷᠥᠭᠡ ᠭᠡᠷ ᠤᠨ ᠭᠡᠶᠢᠮᠥᠷᠢ ᠰᠥᠯᠳᠠ᠂ ᠥᠷ᠎ᠠ ᠥᠨᠳᠤᠰᠤ ᠲᠠᠯᠭᠡᠷᠡᠭᠦ ᠶᠢᠨ ᠪᠡᠯᠭᠡᠳᠠᠯ ᠢᠶᠠᠷ ᠥᠵᠡᠳᠡᠭ ᠪᠤᠯᠬᠤᠷ᠂ ᠡᠭᠦᠳᠠ ᠬᠠᠭᠠᠯᠭ᠎ᠠ ᠲᠠᠢ ᠬᠤᠯᠪᠤᠭᠳᠠᠭᠰᠠᠨ ᠠᠯᠢ ᠤᠯᠠᠨ ᠴᠡᠭᠡᠷ ᠶᠤᠰᠤ ᠪᠠᠶᠢᠳᠠᠭ᠃ ᠲᠤᠬᠠᠢᠢᠯᠠᠪᠠᠯ᠂ ᠠᠶᠢᠯ ᠤᠨ ᠡᠭᠦᠳᠠ ᠬᠠᠭᠠᠯᠭ᠎ᠠ ᠶᠢ ᠨᠡᠭᠡᠭᠡᠭᠦ ᠳᠤ ᠪᠠᠨ ᠪᠤᠷᠤᠭᠤ ᠲᠠᠯ᠎ᠠ ᠠᠴᠠ ᠨᠢ ᠨᠡᠭᠡᠭᠡᠭᠦ ᠶᠢ ᠴᠡᠭᠡᠷᠯᠡᠭᠦ᠂ ᠵᠡᠭᠦᠨ ᠭᠠᠷ ᠢᠶᠠᠷ ᠢᠶᠠᠨ ᠨᠡᠭᠡᠭᠡᠭᠦ ᠶᠢ ᠴᠡᠭᠡᠷᠯᠡᠭᠦ ᠪᠠ ᠡᠭᠦᠳᠠ ᠠᠯᠳᠠᠯᠠᠨ ᠵᠤᠭᠰᠤᠬᠤ ᠶᠢ ᠴᠢᠩᠭ᠎ᠠ ᠴᠡᠭᠡᠷᠯᠡᠳᠡᠭ ᠵᠠᠩᠰᠢᠯ ᠲᠠᠢ᠃ ᠲᠤᠳᠤᠭᠤ ᠶᠢ ᠠᠶᠢᠯ ᠡᠷᠥᠭᠡ ᠶᠢᠨ ᠥᠷ᠎ᠠ ᠥᠨᠳᠤᠰᠤ ᠲᠠᠯᠭᠡᠷᠡᠭᠦ ᠪᠡᠯᠭᠡᠳᠠᠯ ᠪᠤᠯᠭᠠᠵᠤ᠂ ᠲᠤᠳᠤᠭᠤ ᠳᠤ ᠭᠠᠷ ᠭᠥᠷᠭᠦ᠂ ᠲᠤᠳᠤᠭᠤ ᠠᠴᠠ ᠲᠡᠭᠦᠵᠢᠯᠡᠭᠦ᠂ ᠲᠤᠳᠤᠭᠤ ᠪᠠᠷ ᠱᠠᠭᠠᠢᠢᠬᠤ ᠶᠢ ᠴᠡᠭᠡᠷᠯᠡᠳᠡᠭ᠃ ᠪᠤᠱᠤᠭ᠎ᠠ ᠶᠢ ᠡᠷᠥᠭᠡ ᠭᠡᠷ ᠤᠨ ᠭᠡᠶᠢᠮᠥᠷᠢ ᠰᠥᠯᠳᠠ ᠪᠠᠷ ᠥᠵᠠᠵᠤ᠂ ᠭᠡᠷ ᠤᠨ ᠪᠤᠱᠤᠭ᠎ᠠ ᠶᠢ ᠭᠢᠰᠭᠢᠪᠠᠯ᠂ ᠠᠶᠢᠯ ᠤᠨ ᠭᠡᠶᠢᠮᠥᠷᠢ ᠭᠡᠪᠳᠠᠨᠠ ᠭᠡᠵᠥ ᠲᠤᠳᠤᠭᠤ ᠠᠯᠬᠤᠬᠤ ᠳᠤ ᠭᠥᠯ ᠢᠶᠠᠨ ᠭᠥᠷᠭᠡᠭᠦ᠂ ᠲᠤᠳᠤᠭᠤ ᠶᠢᠨ ᠲᠡᠭᠡᠷ᠎ᠠ ᠰᠠᠭᠤᠬᠤ ᠪᠤᠶᠤ ᠭᠢᠰᠭᠢᠭᠦ ᠶᠢ ᠴᠡᠭᠡᠷᠯᠡᠳᠡᠭ᠃
ᠮᠤᠩᠭᠤᠯ ᠭᠡᠷ ᠲᠠᠢ ᠬᠤᠯᠪᠤᠭᠳᠠᠭᠰᠠᠨ ᠡᠳᠡᠭᠡᠷ ᠴᠡᠭᠡᠷ ᠶᠤᠰᠤ ᠨᠢ ᠮᠤᠩᠭᠤᠯᠴᠤᠳ ᠤᠨ ᠮᠤᠩᠭᠤᠯ ᠭᠡᠷ ᠤᠨ ᠲᠤᠬᠠᠢ ᠥᠵᠠᠯ ᠥᠢᠯᠠᠭᠠᠯᠳᠠ᠂ ᠲᠡᠭᠡᠳᠤᠯᠡᠯ ᠭᠥᠨᠳᠤᠳᠭᠡᠯ ᠤᠨ ᠰᠠᠳᠭᠢᠯᠭᠡ ᠠᠴᠠ ᠥᠨᠳᠤᠰᠤᠯᠠᠯ ᠲᠠᠢ ᠪᠠᠷ ᠡᠭᠦᠰᠤᠨ ᠪᠥᠷᠢᠯᠳᠥᠵᠥ᠂ ᠲᠠᠥᠭᠡᠨ ᠭᠥᠭᠵᠢᠯ ᠤᠨ ᠶᠠᠪᠤᠴᠠ ᠳᠤ ᠠᠭᠤᠯᠭ᠎ᠠ ᠨᠢ ᠤᠯᠠᠮ ᠢᠶᠠᠷ ᠪᠠᠶᠠᠯᠢᠬᠵᠢᠵᠥ᠂ ᠥᠶ᠎ᠠ ᠲᠠᠮᠵᠢᠨ ᠤᠯᠠᠮᠵᠢᠯᠠᠭᠳᠠᠬᠤ ᠳᠤ ᠪᠠᠨ ᠮᠤᠩᠭᠤᠯ ᠭᠡᠷ ᠤᠨ ᠰᠤᠶᠤᠯ ᠤᠨ ᠴᠢᠬᠤᠯᠠ ᠪᠥᠷᠢᠯᠳᠥᠭᠦᠨ ᠭᠡᠰᠡᠭ ᠨᠢ ᠪᠤᠯᠤᠭᠰᠠᠨ ᠶᠤᠮ᠃