ᠵᠤᠬᠢᠶᠠᠭᠴᠢ:
ᠴᠠᠭ:2019-04-05
ᠥᠵᠡᠭᠰᠡᠨ : ℃
ᠢᠷᠡᠯᠲᠡ:
ᠮᠤᠩᠭᠤᠯ ᠴᠠᠭᠡᠷ ᠤᠨ ᠠᠩᠭᠢᠯᠠᠯ
ᠴᠡᠭᠡᠷ ᠨᠢ ᠡᠳᠤᠷ ᠲᠤᠳᠤᠮ ᠤᠨ ᠠᠮᠢᠳᠤᠷᠠᠯ ᠲᠤᠮᠳᠠ ᠲᠥᠭᠡᠮᠡᠯ ᠲᠠᠯᠭᠡᠷᠡᠭᠰᠡᠨ ᠰᠤᠶᠤᠯ ᠤᠨ ᠥᠵᠡᠭᠳᠠᠯ ᠤᠨ ᠬᠤᠪᠢ ᠪᠠᠷ ᠵᠠᠩ ᠥᠢᠯᠨ ᠶᠢᠨ ᠪᠥᠭᠦ᠋ᠢᠯᠨ ᠭᠥᠷᠢᠶ᠎ᠠ ᠭᠡᠪᠴᠢᠶᠠᠨ ᠳᠤ ᠨᠠᠪᠴᠢᠵᠥ᠂ ᠵᠠᠩ ᠥᠢᠯᠨ ᠶᠢᠨ ᠤᠷᠭᠠᠨᠢᠭ ᠪᠥᠷᠢᠯᠳᠥᠭᠦᠨ ᠪᠤᠯᠤᠭᠰᠠᠨ ᠪᠤᠯᠬᠤᠷ᠂ ᠵᠠᠩ ᠥᠢᠯᠨ ᠶᠢᠨ ᠥᠵᠡᠭᠳᠡᠯ ᠳᠤ ᠴᠥᠮ ᠴᠡᠭᠡᠷ ᠬᠤᠯᠪᠤᠭᠳᠠᠵᠤ ᠪᠠᠶᠢᠳᠠᠭ᠃ ᠢᠢᠮᠥ ᠠᠴᠠ ᠴᠡᠭᠡᠷ ᠠᠩᠭᠢᠯᠠᠯ ᠭᠢᠵᠥ᠂ ᠲᠥᠷᠥᠯ ᠵᠥᠢᠯ ᠬᠤᠪᠢᠶᠠᠬᠤ ᠨᠢ ᠨᠠᠯᠢᠶᠠᠳ ᠨᠠᠷᠢᠨ ᠪᠤᠳᠤᠯᠢᠶᠠᠨ ᠲᠠᠢ ᠠᠰᠠᠭᠤᠳᠠᠯ ᠪᠥᠭᠡᠳ ᠰᠢᠨᠵᠢᠯᠡᠭᠡᠨ ᠤ ᠭᠥᠴᠢᠷᠳᠠᠯ ᠲᠠᠢ ᠰᠠᠳᠤᠪ ᠤᠨ ᠨᠢᠭᠡ ᠪᠤᠯᠤᠭᠰᠨᠨ ᠶᠤᠮ᠃
ᠮᠤᠩᠭᠤᠯ ᠴᠡᠭᠡᠷ ᠢ ᠠᠩᠭᠢᠯᠠᠨ ᠬᠤᠪᠢᠶᠠᠭᠰᠠᠨ ᠲᠠᠯ᠎ᠠ ᠪᠠᠷ ᠨᠢᠭᠡᠳᠤᠯᠳᠠᠢ ᠪᠤᠯᠵᠤ ᠴᠢᠳᠠᠭ᠎ᠠ ᠥᠭᠡᠢ ᠪᠠᠶᠢᠬᠰᠠᠭᠠᠷ᠃ ᠥᠡᠭᠭᠡᠷᠡᠭᠰᠡᠨ ᠤ ᠰᠤᠳᠤᠯᠭᠠᠨ ᠤ ᠪᠥᠳᠥᠭᠡᠯ ᠤᠳ ᠲᠤ ᠮᠤᠩᠭᠤᠯ ᠴᠡᠭᠡᠷ ᠢ ᠠᠩᠭᠢᠯᠠᠵᠤ ᠬᠤᠪᠢᠶᠠᠭᠰᠠᠨ ᠨᠢ ᠲᠤᠤᠷᠠᠭᠢ ᠮᠠᠳᠤ ᠭᠡᠳᠤᠨ ᠵᠥᠢᠯ ᠤᠨ ᠪᠠᠶᠢᠳᠠᠯ ᠲᠠᠢ ᠃
ᠮᠤᠩᠭᠤᠯ ᠴᠡᠭᠡᠷ ᠤᠨ ᠶᠤᠰᠤᠨ 1991 ᠤᠨ ᠭᠡᠭᠦ ᠨᠤᠮ ᠳᠤ 4 ᠠᠩᠭᠢᠯᠠᠯ᠂ 26 ᠵᠥᠢᠯ ᠬᠤᠪᠢᠶᠠᠵᠠᠢ᠃ ᠠᠩᠭᠢᠯᠠᠯ ᠪᠠ ᠵᠥᠢᠯ ᠬᠤᠪᠢᠶᠠᠭᠰᠠᠨ ᠪᠠᠶᠢᠳᠠᠯ ᠨᠢ ᠲᠤᠤᠷᠠᠭᠢ ᠮᠠᠳᠤ᠄
ᠨᠠᠶᠢᠭᠡᠮ ᠤᠨ ᠠᠵᠤ ᠠᠮᠢᠳᠤᠷᠠᠯ ᠳᠤ ᠬᠤᠯᠪᠤᠭᠳᠠᠬᠤ ᠴᠡᠭᠡᠷ᠄ ᠤᠷᠤᠨ ᠰᠠᠭᠤᠴᠠ᠂ ᠬᠤᠪᠴᠠᠰᠤ ᠬᠤᠨᠠᠷ᠂ ᠵᠠᠰᠠᠯ ᠵᠢᠮᠰᠡᠭ᠂ ᠢᠳᠡᠭᠡᠨ ᠤᠮᠳᠠᠭᠠᠨ︔
ᠥᠢᠯᠠᠳᠪᠤᠷᠢᠯᠠᠯ ᠳᠤ ᠬᠤᠯᠪᠤᠭᠳᠠᠬᠤ ᠴᠡᠭᠡᠷ᠄ ᠥᠢᠯᠠᠳᠪᠤᠷᠢᠯᠠᠯ᠂ ᠠᠩ ᠂ ᠠᠶᠠᠨ ᠵᠢᠩ᠂ ᠲᠠᠷᠢᠶᠠᠯᠠᠩ ᠥᠢᠯᠠᠳᠪᠤᠷᠢᠯᠠᠯ᠂ ᠥᠢᠯᠨ ᠤᠳᠠᠰᠤ︔
ᠭᠥᠮᠥᠨ ᠤ ᠨᠢᠭᠡ ᠨᠠᠰᠤᠨ ᠤ ᠶᠠᠪᠤᠳᠠᠯ ᠳᠤ ᠬᠤᠯᠪᠤᠭᠳᠠᠬᠤ ᠴᠡᠭᠡᠷ᠄ ᠵᠢᠷᠮᠤᠰᠤᠨ ᠬᠤᠭᠤᠴᠠᠭ᠎ᠠ᠂ ᠲᠥᠷᠥᠵᠥ ᠭᠥᠡᠭᠭᠡᠵᠢᠭᠦ᠂ ᠭᠡᠥᠭᠡᠳ ᠥᠶ᠎ᠠ᠂ ᠥᠰᠤ ᠭᠡᠵᠢᠭᠡ᠂ ᠬᠤᠷᠢᠮ ᠨᠠᠶᠢᠷ᠂ ᠬᠠᠷᠢᠯᠴᠠᠭᠠᠨ ᠤ ᠵᠥᠢᠯ᠂ ᠪᠢᠳᠡᠭᠦᠯᠡᠵᠥ ᠴᠠᠭᠠᠯᠠᠬᠤ᠂ ᠪᠡᠯᠭᠡᠳᠠᠯ᠂ ᠡᠪᠠᠳᠴᠢᠨ ᠵᠠᠰᠠᠯ᠂ ᠭᠡᠭᠦᠷ ᠤᠷᠤᠰᠢᠭᠤᠯᠭ᠎ᠠ︔
ᠰᠢᠳᠥᠯᠭᠡ ᠶᠢᠨ ᠵᠥᠢᠯ ᠳᠤ ᠬᠤᠯᠪᠤᠭᠳᠠᠬᠤ ᠴᠡᠭᠡᠷ᠄ ᠤᠪᠤᠭ᠎ᠠ ᠲᠠᠭᠢᠯᠭ᠎ᠠ᠂ ᠤᠡᠭᠭᠤᠨ ᠰᠠᠳᠡᠷ᠂ ᠪᠠᠶᠢᠭᠠᠯᠢ ᠶᠢᠨ ᠰᠢᠳᠥᠯᠭᠡ᠂ ᠭᠡᠶᠢᠮᠤᠷᠢ ᠶᠢᠨ ᠲᠤᠬᠠᠢ᠂ ᠭᠠᠯ ᠤᠨ ᠲᠤᠬᠠᠢ᠂ ᠯᠠᠮᠠ ᠶᠢᠨ ᠲᠤᠬᠠᠢ᠂ ᠲᠠᠯᠠᠯᠭ᠎ᠠ ᠶᠢᠨ ᠲᠤᠬᠠᠢ᠂ ᠴᠢᠩᠭᠢᠰ ᠤᠨ ᠲᠠᠶᠢᠯᠭ᠎ᠠ ᠭᠡᠭᠦ ᠮᠠᠳᠤ᠃
ᠮᠤᠩᠭᠤᠯ ᠤᠨ ᠤᠯᠠᠮᠵᠢᠯᠠᠯᠳᠤ ᠴᠡᠭᠡᠷ ᠶᠤᠰᠤᠨ 1997 ᠤᠨ ᠭᠡᠭᠦ ᠨᠤᠮ ᠳᠤ᠂ 4 ᠠᠩᠭᠢᠯᠠᠯ᠂15 ᠵᠥᠢᠯ ᠬᠤᠪᠢᠶᠠᠪᠠ᠃ ᠠᠩᠭᠢᠯᠠᠯ ᠪᠠ ᠵᠥᠢᠯ ᠬᠤᠪᠢᠶᠠᠭᠰᠠᠨ ᠪᠠᠶᠢᠳᠠᠯ ᠨᠢ ᠲᠤᠤᠷᠠᠭᠢ ᠮᠠᠳᠤ᠄
ᠥᠢᠯᠠᠳᠪᠤᠷᠢᠯᠠᠯ ᠪᠤᠯᠤᠨ ᠪᠠᠶᠢᠭᠠᠯᠢ ᠶᠢᠨ ᠲᠤᠬᠠᠢ ᠴᠡᠭᠡᠷ᠄ ᠮᠠᠯ ᠠᠵᠤ ᠠᠬᠤᠢ ᠶᠢᠨ ᠴᠡᠭᠡᠷ᠂ ᠠᠩ ᠭᠥᠷᠥᠭᠡ ᠶᠢᠨ ᠴᠡᠭᠡᠷ᠂ ᠪᠠᠶᠢᠭᠠᠯᠢ ᠶᠢᠨ ᠲᠤᠬᠠᠢ ᠴᠡᠭᠡᠷ᠂ ᠡᠳᠤᠷ ᠴᠠᠭ ᠤᠨ ᠴᠠᠭᠡᠷ︔
ᠭᠥᠮᠥᠨ ᠤ ᠨᠢᠭᠡ ᠨᠠᠰᠤᠨ ᠤ ᠶᠠᠪᠤᠳᠠᠯ ᠪᠠ ᠮᠠᠬᠠᠪᠤᠳ ᠡᠷᠭᠡᠳᠠᠨ ᠤ ᠴᠡᠭᠡᠷ᠄ ᠤᠷᠤᠭ ᠬᠤᠷᠢᠮ ᠤᠨ ᠴᠡᠭᠡᠷ᠂ ᠲᠥᠷᠥᠵᠥ ᠥᠰᠭᠦ ᠶᠢᠨ ᠴᠡᠭᠡᠷ᠂ ᠪᠡᠯᠪᠡᠰᠤᠷᠠᠯ ᠤᠷᠤᠰᠢᠭᠤᠯᠭ᠎ᠠ ᠶᠢᠨ ᠴᠡᠭᠡᠷ᠂ ᠭᠥᠮᠥᠨ ᠤ ᠮᠠᠬᠠᠪᠤᠳ ᠡᠷᠭᠡᠳᠠᠨ ᠤ ᠴᠡᠭᠡᠷ︔
ᠡᠮᠥᠰᠭᠦ ᠢᠳᠡᠭᠦ ᠰᠠᠭᠤᠬᠤ ᠶᠠᠪᠤᠬᠤ ᠲᠠᠯ᠎ᠠ ᠶᠢᠨ ᠴᠡᠭᠡᠷ᠄ ᠬᠤᠪᠴᠠᠰᠤ ᠡᠮᠥᠰᠭᠡᠯ ᠤᠨ ᠴᠡᠭᠡᠷ᠂ ᠢᠳᠡᠭᠡᠨ ᠤᠮᠳᠠᠭᠠᠨ ᠤ ᠴᠡᠭᠡᠷ᠂ ᠤᠷᠤᠨ ᠰᠠᠭᠤᠴᠠ ᠶᠢᠨ ᠴᠡᠭᠡᠷ︔
ᠥᠵᠠᠯ ᠰᠠᠨᠠᠭ᠎ᠠ ᠰᠤᠶᠤᠯ ᠤᠨ ᠲᠠᠯ᠎ᠠ ᠶᠢᠨ ᠴᠡᠭᠡᠷ᠄ ᠭᠡᠯᠡ ᠭᠡᠯᠡᠯᠭᠡ ᠶᠢᠨ ᠴᠡᠭᠡᠷ᠂ ᠶᠤᠰᠤᠯᠠᠯ ᠳᠤ ᠬᠤᠯᠪᠤᠭᠳᠠᠬᠤ ᠴᠡᠭᠡᠷ᠂ ᠱᠠᠰᠢᠨ ᠰᠤᠷᠳᠠᠬᠤᠨ ᠤ ᠴᠡᠭᠡᠷ᠂ ᠨᠠᠭᠠᠳᠤᠮ ᠲᠤᠭᠯᠠᠭᠠᠮ ᠤᠨ ᠴᠡᠭᠡᠷ ᠭᠡᠭᠦ ᠮᠠᠳᠤ᠃