ᠵᠤᠬᠢᠶᠠᠭᠴᠢ:
ᠴᠠᠭ:2019-04-04
ᠥᠵᠡᠭᠰᠡᠨ : ℃
ᠢᠷᠡᠯᠲᠡ:
ᠫᠠᠢ ᠨᠠᠭᠠᠳᠬᠤ
ᠫᠠᠢ ᠶᠢ ᠬᠠᠳᠠᠭᠤ ᠮᠤᠳᠤ᠂ ᠬᠤᠯᠤᠰᠤ᠂ ᠵᠠᠰ᠂ ᠭᠠᠤᠯᠢ᠂ ᠶᠠᠰᠤ ᠵᠠᠷᠭᠡ ᠮᠠᠲ᠋ᠧᠷᠢᠶᠠᠯ ᠢᠶᠠᠷ ᠨᠢᠭᠡ ᠰᠠᠨᠲ᠋ᠢᠮᠧᠲᠷ ᠵᠤᠵᠠᠭᠠᠨ᠂ ᠬᠤᠶᠠᠷ ᠰᠠᠨᠲ᠋ᠢᠮᠧᠲᠷ ᠥᠷᠭᠡᠨ᠂ ᠲᠥᠷᠪᠡᠨ ᠰᠠᠨᠲ᠋ᠢᠮᠧᠲᠷ ᠤᠷᠳᠤ ᠭᠡᠮᠵᠢᠶ᠎ᠠ ᠲᠠᠢ ᠵᠠᠰᠠᠵᠤ᠂ ᠨᠢᠭᠤᠷ ᠲᠠᠯ᠎ᠠ ᠳᠤ ᠨᠢ ᠨᠥᠭᠡᠯᠡᠨ ᠤᠷᠤ ᠭᠠᠷᠭᠠᠭᠠᠳ᠂ ᠤᠯᠠᠭᠠᠨ᠂ ᠴᠠᠭᠠᠨ ᠥᠡᠭᠭᠡ ᠢᠯᠭᠠᠷᠠᠭᠤᠯᠤᠨ ᠪᠤᠳᠤᠵᠤ ᠃
ᠫᠠᠢ ᠨᠠᠶᠢᠳᠠ ᠵᠢᠷᠠᠨ ᠲᠥᠷᠪᠡ ᠪᠠᠶᠢᠳᠠᠭ᠃ ᠡᠭᠦᠨ ᠢ ᠪᠠᠰᠠ ᠵᠢᠷᠠᠨ ᠲᠥᠷᠪᠡᠨ ᠮᠤᠳᠤ ᠭᠡᠨ᠎ᠠ᠃ ᠵᠢᠷᠠᠨ ᠲᠥᠷᠪᠡᠨ ᠮᠤᠳᠤ ᠪᠠᠨ ᠠᠳᠠᠯᠢ ᠪᠤᠰᠤ ᠲᠤᠭ᠎ᠠ ᠲᠠᠢ᠂ ᠶᠠᠩᠵᠤ ᠪᠥᠷᠢ ᠶᠢᠨ ᠭᠡᠯᠪᠡᠷᠢ ᠪᠠᠶᠢᠳᠠᠯ ᠲᠠᠢ ᠨᠥᠭᠡ ᠪᠠᠷ ᠨᠢ ᠢᠯᠭᠠᠳᠠᠭ᠃ ᠫᠠᠢ ᠶᠢᠨ ᠨᠥᠭᠡᠨ ᠤ ᠲᠤᠭ᠎ᠠ ᠬᠤᠶᠠᠷ ᠠᠴᠠ ᠠᠷᠪᠠᠨ ᠬᠤᠶᠠᠷ ᠭᠥᠷᠳᠠᠯ᠎ᠠ ᠪᠠᠶᠢᠳᠠᠭ᠃
ᠫᠠᠢ ᠶᠢᠨ ᠮᠤᠳᠤ ᠶᠢ ᠨᠥᠭᠡᠨ ᠤ ᠭᠢᠨᠢ ᠲᠤᠭ᠎ᠠ ᠪᠤᠶᠤ ᠭᠡᠯᠪᠡᠷᠢ ᠲᠥᠷᠰᠤ ᠪᠠᠷ ᠨᠢ ᠢᠯᠭᠠᠵᠤ᠂ ᠨᠠᠷᠠᠯᠡᠳᠡᠭ᠃ ᠵᠢᠱᠢᠶᠠᠯᠠᠪᠠᠯ᠂ ᠨᠥᠭᠡᠨ ᠤ ᠭᠢᠨᠢ ᠲᠤᠭ᠎ᠠ ᠪᠠᠷ ᠠᠷᠪᠠᠨ ᠬᠤᠶᠠᠷ᠂ ᠠᠷᠪᠠᠨ ᠨᠢᠭᠡ᠂ ᠠᠷᠪᠡ ᠭᠡᠭᠦ ᠮᠠᠳᠤᠴᠢᠯᠠᠨ ᠨᠠᠷᠠᠯᠠᠭᠦ ᠪᠠ ᠨᠥᠭᠡᠨ ᠤ ᠭᠢᠨᠢ ᠭᠡᠯᠪᠡᠷᠢ ᠪᠠᠶᠢᠳᠠᠯ ᠢ ᠥᠨᠳᠤᠰᠤᠯᠠᠨ ᠪᠠᠨᠳᠠᠩ ᠲᠥᠷᠪᠡ᠂ ᠤᠯᠠᠭᠠᠨ ᠲᠠᠪᠤ᠂ ᠴᠢᠳᠤᠷ ᠵᠢᠷᠭᠤᠭ᠎ᠠ ᠪᠤᠶᠤ ᠴᠡᠴᠡᠭ ᠵᠢᠷᠭᠤᠭ᠎ᠠ ᠂ ᠤᠯᠠᠭᠠᠨ ᠨᠠᠢᠮᠠ ᠪᠠᠰᠠ ᠴᠢᠪᠠᠭᠠᠨᠴᠠ ᠨᠠᠢᠮᠠ ᠂ ᠵᠢᠮᠴᠢᠭᠡᠷ ᠠᠷᠪᠠ᠂ ᠪᠠᠷᠵᠠᠩ ᠠᠷᠪᠠ ᠭᠡᠭᠦ ᠮᠠᠳᠤ ᠪᠠᠷ ᠲᠤᠰ ᠲᠤᠰ ᠤᠨ ᠪᠠᠶᠢᠳᠠᠯ ᠢᠶᠠᠷ ᠨᠢ ᠶᠠᠩᠵᠤ ᠪᠥᠷᠢ ᠪᠠᠷ ᠨᠠᠷᠠᠯᠡᠳᠡᠭ᠃ ᠵᠢᠷᠠᠨ ᠲᠥᠷᠪᠡᠨ ᠫᠠᠢ ᠶᠢᠨ ᠲᠤᠳᠤᠷ᠎ᠠ ᠲᠥᠷᠪᠡ᠂ ᠵᠢᠷᠭᠤᠭ᠎ᠠ᠂ ᠲᠤᠯᠤᠭ᠎ᠠ᠂ ᠨᠠᠢᠮᠠ᠂ ᠠᠷᠪᠠ ᠵᠠᠷᠭᠡ ᠶᠢᠨ ᠮᠤᠳᠤ ᠨᠢ ᠠᠳᠠᠯᠢ ᠪᠤᠰᠤ ᠭᠡᠯᠪᠡᠷᠢ ᠶᠢᠨ ᠨᠥᠭᠡ ᠲᠠᠢ ᠲᠤᠰᠪᠤᠷᠢ ᠨᠠᠢᠮᠠᠨ ᠮᠤᠳᠤ ᠪᠠᠶᠢᠬᠤ ᠪᠠ ᠪᠤᠰᠤᠳ ᠲᠤᠭᠠᠨ ᠤ ᠨᠥᠭᠡ ᠲᠠᠢ ᠮᠤᠳᠤ ᠨᠢ ᠲᠤᠰᠪᠤᠷᠢ ᠲᠥᠷᠪᠡ ᠪᠠᠶᠢᠳᠠᠭ᠃
ᠵᠢᠷᠠᠨ ᠲᠥᠷᠪᠡᠨ ᠮᠤᠳᠤ ᠪᠠᠨ ᠡᠶᠠᠷᠭᠦ᠂ ᠰᠥᠭᠡᠷᠭᠦ ᠭᠡᠭᠦ ᠬᠤᠶᠠᠷ ᠠᠩᠭᠢᠯᠠᠯ ᠢᠶᠠᠷ ᠬᠤᠪᠢᠶᠠᠨ᠂ ᠠᠳᠠᠯᠢ ᠪᠤᠰᠤ ᠠᠷᠭ᠎ᠠ ᠭᠡᠯᠪᠡᠷᠢ ᠪᠠᠷ ᠨᠠᠭᠠᠳᠬᠤ ᠳᠤ ᠪᠠᠨ ᠡᠶᠡᠷᠭᠦ ᠨᠢ ᠡᠶᠡᠷᠭᠦ ᠲᠤᠭᠠᠨ ᠤ ᠲᠠᠷᠠᠭᠠᠯᠠᠯ ᠢᠶᠠᠷ ᠠᠬᠠᠯᠠᠬᠤ ᠪᠠ ᠰᠥᠭᠡᠷᠭᠦ ᠨᠢ ᠰᠥᠭᠡᠷᠭᠦ ᠲᠤᠭᠠᠨ ᠤ ᠲᠠᠷᠠᠭᠠᠯᠠᠯ ᠪᠠᠷ ᠠᠬᠠᠯᠠᠬᠤ ᠂ ᠡᠰᠡᠭᠦᠯ᠎ᠠ ᠡᠶᠡᠷᠭᠦ ᠰᠥᠭᠡᠷᠭᠦ ᠶᠢᠨ ᠠᠳᠠᠯᠢ ᠪᠤᠰᠤ ᠤᠶᠠᠯᠳᠤᠭ᠎ᠠ ᠪᠠᠷ ᠶᠠᠩᠵᠤ ᠪᠥᠷᠢ ᠶᠢᠨ ᠪᠠᠶᠢᠳᠠᠯ ᠲᠠᠢ ᠨᠠᠭᠠᠳᠳᠠᠭ ᠪᠠᠶᠢᠨ᠎ᠠ᠃ ᠡᠭᠦᠨ ᠢ ᠵᠠᠷᠢᠮ ᠨᠤᠳᠤᠭ ᠲᠤ ᠵᠢᠷᠠ ᠨᠠᠭᠠᠳᠬᠤ ᠭᠡᠳᠡᠭ᠃ ᠵᠢᠷᠠᠨ ᠲᠥᠷᠪᠡᠨ ᠫᠠᠢ ᠪᠠᠷ ᠬᠤᠶᠠᠷ ᠠᠴᠠ ᠲᠥᠷᠪᠡᠨ ᠭᠥᠮᠥᠨ ᠬᠤᠪᠢ ᠬᠤᠪᠢ ᠪᠠᠷ ᠢᠶᠠᠨ ᠪᠠᠶ᠎ᠠ ᠪᠠᠨ ᠲᠠᠭᠠᠭᠠᠬᠤ ᠪᠤᠶᠤ ᠬᠤᠶᠠᠷ ᠲᠠᠯ᠎ᠠ ᠬᠤᠪᠢᠶᠠᠵᠤ ᠭᠡᠷ ᠪᠠᠷᠢᠵᠥ ᠨᠠᠭᠠᠳᠳᠠᠭ᠃ ᠡᠨᠡ ᠨᠢ ᠪᠠᠷᠢᠬᠰᠠᠨ ᠭᠡᠷ ᠤᠨ ᠤᠯᠠᠨ ᠴᠥᠭᠡᠨ ᠢᠶᠠᠷ ᠱᠥᠭᠦᠯᠴᠡᠭᠡᠨ ᠢᠶᠠᠨ ᠢᠯᠭᠠᠷᠠᠭᠤᠯᠤᠨ᠎ᠠ᠃ ᠡᠭᠦᠨ ᠢ ᠵᠢᠷᠠ ᠨᠠᠭᠠᠳᠬᠤ᠂ ᠲᠠᠯᠤᠤ ᠨᠠᠭᠠᠳᠬᠤ᠂ ᠭᠡᠷ ᠪᠠᠷᠢᠬᠤ ᠭᠡᠵᠥ ᠭᠡᠯᠡᠳᠡᠭ᠃ ᠵᠢᠷᠠᠨ ᠲᠥᠷᠪᠡᠨ ᠫᠠᠢ ᠠᠴᠠ ᠭᠤᠴᠢᠨ ᠬᠤᠶᠠᠷ ᠮᠤᠳᠤ ᠶᠢ ᠨᠢ ᠢᠯᠭᠠᠨ ᠠᠪᠴᠤ ᠪᠥᠷ ᠲᠤᠭᠳᠠᠭᠠᠯ ᠲᠠᠢ ᠮᠤᠳᠤ ᠪᠠᠶᠢᠳᠠᠭ ᠲᠢᠶᠠᠨ ᠵᠢᠤ ᠨᠠᠭᠠᠳᠬᠤ ᠳᠤ ᠪᠠᠨ ᠭᠡᠷ ᠤᠨ ᠲᠤᠭᠠᠨ ᠤ ᠤᠯᠠᠨ ᠴᠥᠭᠡᠨ ᠢ ᠥᠵᠡᠭᠦ ᠪᠢᠰᠢ᠂ ᠬᠠᠷᠢᠨ ᠡᠴᠤᠰ ᠤᠨ ᠭᠠᠷᠭᠠᠯᠭ᠎ᠠ ᠳᠤ ᠭᠡᠨ ᠤ ᠭᠢᠨᠢ ᠠᠳᠬᠤᠭᠰᠠᠨ ᠮᠤᠳᠤ ᠠᠬᠠᠯᠠᠪᠠᠯ ᠲᠠᠷᠠ ᠨᠢ ᠲᠠᠶᠢᠯᠥᠭᠰᠡᠨ ᠢᠶᠠᠷ ᠪᠤᠳᠤᠳᠠᠭ᠃
ᠵᠢᠷᠠᠨ ᠲᠥᠷᠪᠡᠨ ᠫᠠᠢ ᠠᠴᠠ ᠬᠤᠷᠢᠨ ᠲᠥᠷᠪᠡᠨ ᠮᠤᠳᠤ ᠰᠤᠩᠭᠤᠵᠤ ᠮᠥᠨ ᠲᠤᠭᠳᠠᠭᠰᠠᠨ ᠮᠤᠳᠤ ᠨᠥᠭᠡ ᠰᠢᠬᠠᠵᠤ ᠨᠠᠭᠠᠳᠳᠠᠭ᠃ ᠡᠭᠦᠨ ᠢ ᠪᠠᠰᠠ ᠨᠥᠭᠡ ᠲᠠᠭᠠᠷᠠᠭᠤᠯᠬᠤ ᠪᠤᠶᠤ ᠲᠢᠩ ᠨᠢᠤ ᠭᠡᠳᠡᠭ᠃ ᠨᠥᠭᠡ ᠰᠢᠬᠠᠬᠤ ᠳᠤ ᠭᠠᠷ ᠲᠠᠬᠢ ᠮᠤᠳᠤ ᠪᠠᠨ ᠪᠥᠭᠦᠨ ᠢ ᠲᠠᠯᠪᠢᠵᠥ ᠪᠠᠷᠠᠬᠤ ᠪᠠ ᠪᠤᠰᠤᠳ ᠢ ᠢᠯᠡᠭᠦᠥ ᠭᠥᠮᠥᠷᠢᠭᠦᠯᠭᠦ ᠶᠢ ᠪᠤᠳᠤᠳᠠᠭ᠃ ᠢᠢᠮᠥ ᠠᠴᠠ ᠫᠠᠢ ᠨᠠᠭᠠᠳᠬᠤ ᠭᠡᠳᠡᠭ ᠨᠢ ᠶᠠᠷᠥᠩᠭᠡᠶᠢᠯᠡᠭᠰᠡᠨ ᠴᠢᠨᠠᠷ ᠲᠠᠢ ᠨᠠᠷᠠᠶᠢᠳᠤᠯ ᠪᠤᠯᠵᠤ ᠂ ᠲᠤᠳᠤᠷ᠎ᠠ ᠨᠢ ᠤᠯᠠᠨ ᠵᠥᠢᠯ ᠤᠨ ᠨᠠᠭᠠᠳᠬᠤ ᠠᠷᠭ᠎ᠠ ᠪᠠᠶᠢᠬᠤ ᠶᠢᠨ ᠬᠠᠮᠳᠤ᠂ ᠭᠠᠵᠠᠷ ᠭᠠᠵᠠᠷ ᠲᠤ ᠨᠠᠭᠠᠳᠬᠤ ᠪᠠᠶᠢᠳᠠᠯ ᠪᠤᠯᠤᠨ ᠲᠤᠬᠠᠢ ᠶᠢᠨ ᠨᠠᠭᠠᠳᠤᠮ ᠤᠨ ᠨᠠᠷᠠᠶᠢᠳᠤᠯ ᠨᠢ ᠬᠤᠭᠤᠷᠤᠨᠳᠤ ᠪᠠᠨ ᠨᠠᠯᠢᠶᠠᠳ ᠵᠥᠷᠢᠶ᠎ᠠ ᠲᠠᠢ ᠪᠠᠶᠢᠳᠠᠭ᠃