ᠵᠤᠬᠢᠶᠠᠭᠴᠢ:
ᠴᠠᠭ:2019-04-04
ᠥᠵᠡᠭᠰᠡᠨ : ℃
ᠢᠷᠡᠯᠲᠡ:
ᠮᠤᠩᠭᠤᠯ ᠭᠤᠳᠤᠯ ᠤᠨ ᠦᠢᠯᠡ ᠤᠷᠠᠯᠠᠯ ᠤᠨ ᠭᠠᠶᠢᠬᠠᠮᠰᠢᠭ
ᠭᠤᠳᠤᠯ ᠪᠤᠭᠤᠮᠠᠯᠠᠬᠤ ᠬᠠᠪᠴᠢᠬᠤ ᠪᠠ ᠭᠤᠳᠤᠯ ᠬᠦᠷᠪᠡᠬᠦᠯᠬᠦ
ᠵᠤᠯᠤᠭ ᠲᠦᠷᠡᠢ ᠢᠶᠠᠨ ᠤᠷᠠᠯᠠᠵᠤ ᠤᠶᠤᠵᠤ ᠪᠠᠷᠠᠭᠰᠠᠨ ᠤ ᠵᠤᠯᠤᠭ ᠲᠦᠷᠡᠢ ᠶᠢ ᠬᠤᠶᠠᠷ ᠬᠤᠶᠠᠷ ᠢᠶᠠᠷ ᠨᠢ ᠦᠩᠭᠡ ᠶᠢᠨ ᠲᠠᠯ᠎ᠠ ᠪᠠᠷ ᠨᠢ ᠬᠠᠪᠰᠤᠷᠴᠤ ᠪᠠᠶᠢᠭᠠᠳ ᠬᠤᠯᠪᠤᠵᠤ ᠤᠶᠤᠨ᠎ᠠ᠃ ᠡᠬᠦᠨ ᠢ ᠭᠤᠳᠤᠯ ᠪᠤᠭᠤᠮᠠᠯᠠᠬᠤ ᠭᠡᠳᠡᠭ᠃ ᠪᠤᠭᠤᠮᠠᠯᠠᠬᠤ ᠳᠠᠭᠠᠨ ᠵᠤᠯᠤᠭ ᠲᠦᠷᠡᠢ ᠬᠤᠶᠠᠷ ᠤᠨ ᠵᠠᠪᠰᠠᠷ ᠲᠤ ᠨᠢ ᠬᠢᠵᠦ ᠨᠡᠶᠢᠯᠡᠬᠦᠯᠵᠦ ᠤᠶᠤᠨ᠎ᠠ᠃ ᠲᠤᠭ᠎ᠠ ᠨᠢ 1~3 ᠪᠦᠷ ᠪᠠᠶᠢᠵᠤ ᠪᠤᠯᠤᠨ᠎ᠠ᠃ ᠡᠬᠦᠨ ᠢᠶᠠᠨ ᠨᠢᠭᠡ ᠪᠠᠷ ᠪᠤᠭᠤᠮᠠᠯᠠᠬᠤ᠂ ᠬᠤᠶᠠᠷ ᠢᠶᠠᠷ ᠪᠤᠭᠤᠮᠠᠯᠠᠬᠤ᠂ ᠭᠤᠷᠪᠠ ᠪᠠᠷ ᠪᠤᠭᠤᠮᠠᠯᠠᠬᠤ ᠭᠡᠵᠦ ᠲᠤᠰᠪᠤᠷᠢ ᠨᠡᠷᠡᠯᠡᠳᠡᠭ᠃ ᠭᠤᠳᠤᠯ ᠪᠤᠭᠤᠮᠠᠯᠠᠬᠤ ᠳᠠᠭᠠᠨ ᠬᠤᠩᠰᠢᠶᠠᠷ ᠤᠨ ᠲᠠᠯ᠎ᠠ ᠠᠴᠠ ᠡᠬᠢᠯᠡᠵᠦ ᠤᠶᠤᠨ᠎ᠠ᠃ ᠬᠤᠳᠠᠯᠳᠤᠭᠠᠨ ᠤ ᠭᠠᠵᠠᠷ ᠠᠴᠠ ᠠᠪᠳᠠᠭ᠃ ᠬᠤᠳᠠᠯᠳᠤᠭᠠᠨ ᠤ ᠭᠠᠵᠠᠷ ᠠᠴᠠ ᠤᠯᠳᠠᠬᠤ ᠦᠭᠡᠢ ᠪᠠᠶᠢᠳᠠᠯ ᠲᠤᠤᠷ᠎ᠠ ᠡᠯᠵᠢᠭᠡᠨ ᠠᠷᠠᠰᠤ ᠶᠢ ᠡᠯᠳᠡᠵᠦ ᠪᠤᠯᠪᠠᠰᠤᠷᠠᠭᠤᠯᠤᠭᠠᠳ ᠬᠠᠷ᠎ᠠ ᠪᠤᠳᠤᠭ ᠤᠷᠤᠭᠤᠯᠵᠤ ᠃ ᠭᠤᠳᠤᠯ ᠪᠤᠭᠤᠮᠠᠯᠠᠬᠤ ᠳᠤ ᠨᠡᠪᠳᠡᠭᠡᠯᠡᠬᠦ ᠤᠶᠤᠳᠠᠯ ᠢᠶᠠᠷ ᠤᠶᠤᠳᠠᠭ᠃ ᠪᠤᠭᠤᠮᠠᠯᠠᠵᠤ ᠪᠠᠷᠠᠭᠰᠠᠨ ᠤ ᠲᠠᠷᠠᠭ᠎ᠠ ᠨᠡᠶᠢᠳᠡ ᠲᠦᠷᠪᠡᠨ ᠭᠡᠰᠡᠭ ᠪᠤᠯᠤᠭᠰᠠᠨ ᠵᠤᠯᠤᠭ ᠲᠦᠷᠡᠢ ᠶᠢᠨ ᠨᠠᠶᠢᠯᠡᠪᠦᠷᠢ ᠪᠠᠨ ᠬᠤᠶᠠᠷ ᠬᠤᠶᠠᠷ ᠢᠶᠠᠷ ᠨᠢ ᠵᠠᠯᠭᠠᠵᠤ ᠨᠡᠶᠢᠯᠡᠬᠦᠯᠵᠦ ᠤᠶᠤᠬᠤ ᠳᠤ ᠪᠠᠨ ᠪᠤᠷᠪᠢ ᠲᠦᠷᠡᠢ ᠶᠢᠨ ᠭᠡᠰᠡᠭ ᠲᠤ ᠤᠯᠠᠩᠬᠢ ᠳᠠᠭᠠᠨ ᠭᠤᠷᠪᠠ ᠭᠤᠷᠪᠠᠨ ᠬᠢᠵᠦ ᠤᠶᠤᠨ᠎ᠠ᠃ ᠢᠩᠬᠢᠵᠦ ᠤᠶᠤᠬᠤ ᠶᠢ ᠭᠤᠳᠤᠯ ᠬᠠᠪᠴᠢᠬᠤ ᠭᠡᠳᠡᠭ᠃ ᠭᠤᠷᠪᠠ ᠪᠠᠷ ᠪᠤᠭᠤᠮᠠᠯᠠᠭᠠᠳ ᠭᠤᠷᠪᠠ ᠪᠠᠷ ᠬᠠᠪᠴᠢᠬᠰᠠᠨ ᠭᠤᠳᠤᠯ ᠢ ᠦᠪᠴᠢ ᠭᠤᠷᠪᠠᠨ ᠬᠠᠪᠴᠢᠶᠠᠷᠢ ᠲᠠᠢ ᠭᠤᠳᠤᠯ ᠭᠡᠳᠡᠭ᠃ ᠭᠤᠳᠤᠯ ᠬᠠᠪᠴᠢᠬᠤ ᠳᠤ ᠤᠯᠠᠯᠠᠬᠤ ᠤᠶᠤᠳᠠᠯ ᠢᠶᠠᠷ ᠤᠶᠤᠳᠠᠭ᠃ ᠬᠠᠪᠴᠢᠭᠤᠯᠬᠤ ᠳᠤ ᠪᠠᠨ ᠤᠨ ᠵᠠᠪᠰᠠᠷ ᠲᠤ ᠨᠢ ᠨᠢᠭᠡ ᠤᠯᠤᠰᠤᠨ ᠤᠳᠠᠰᠤ ᠶᠢ ᠲᠡᠭᠰᠢᠭᠡᠨ ᠰᠠᠶᠢᠬᠠᠨ ᠬᠠᠪᠴᠢᠭᠤᠯᠤᠨ᠎ᠠ᠃ ᠤᠯᠠᠨ ᠬᠠᠪᠴᠢᠭᠤᠯᠵᠤ ᠤᠶᠤᠬᠤ ᠳᠤ ᠪᠠᠨ ᠲᠠᠰᠤᠮ ᠤᠳ ᠤᠨ ᠦᠷᠭᠡᠨ ᠨᠠᠷᠢᠨ ᠢ ᠲᠦᠢᠯ ᠤᠨ ᠰᠠᠶᠢᠬᠠᠨ ᠲᠡᠭᠰᠢᠯᠡᠵᠦ ᠤᠶᠤᠬᠤ ᠭᠡᠷᠡᠭᠳᠡᠢ ᠪᠤᠯᠬᠤᠷ ᠤᠷᠢᠳᠠᠪᠠᠷ ᠬᠤᠯᠠ ᠬᠤᠯᠠ ᠰᠢᠳᠡᠵᠦ ᠲᠤᠭᠳᠠᠭᠠᠭᠠᠳ ᠲᠠᠷᠠᠭ᠎ᠠ ᠳᠤ ᠨᠢ ᠰᠠᠶ᠋ᠢ ᠨᠢᠭᠳᠠᠯᠠᠵᠤ ᠤᠶᠤᠨ᠎ᠠ᠃ ᠭᠤᠳᠤᠯ ᠪᠤᠭᠤᠮᠠᠯᠠᠬᠤ ᠪᠤᠶᠤ ᠬᠠᠪᠴᠢᠬᠤ ᠳᠤ ᠭᠤᠳᠤᠯ ᠤᠨ ᠵᠤᠯᠤᠭ ᠲᠦᠷᠡᠢ ᠶᠢᠨ ᠦᠩᠭᠡᠨ ᠲᠠᠯ᠎ᠠ ᠶᠢ ᠨᠢ ᠬᠠᠪᠰᠤᠷᠴᠤ ᠤᠯᠤᠰᠤᠨ ᠤᠳᠠᠰᠤ ᠪᠠᠷ ᠤᠶᠤᠳᠠᠭ ᠪᠤᠯᠬᠤᠷ ᠮᠠᠰᠢ ᠬᠠᠳᠠᠭᠤ ᠪᠠᠶᠢᠳᠠᠭ᠃ ᠭᠤᠳᠤᠯ ᠬᠠᠪᠴᠢᠬᠤ ᠳᠤ ᠪᠠᠨ ᠪᠤᠭᠤᠮ᠎ᠠ ᠶᠢᠨ ᠭᠡᠰᠡᠭ ᠲᠠᠬᠢ ᠢ ᠮᠠᠰᠢ ᠬᠢᠴᠢᠶᠡᠵᠦ ᠲᠠᠪ ᠲᠡᠭᠰᠢᠭᠡᠨ ᠵᠤᠯᠭᠠᠭᠤᠯᠬᠤ ᠭᠡᠷᠡᠭᠳᠡᠢ ᠃ ᠰᠠᠯᠠᠩ ᠡᠮᠡᠭᠳᠡᠢ ᠪᠤᠯ ᠢ ᠲᠡᠭᠡᠭᠰᠢ ᠲᠤᠷᠤᠭᠰᠢ ᠵᠦᠷᠢᠬᠦᠯᠴᠢᠭᠡᠳᠡᠭ ᠦᠵᠡᠬᠦ ᠳᠤ ᠮᠠᠭᠤᠬᠠᠢ ᠪᠤᠯᠳᠠᠭ᠃ ᠭᠤᠳᠤᠯ ᠤᠨ ᠬᠤᠩᠰᠢᠶᠠᠷ ᠲᠠᠯ᠎ᠠ ᠶᠢ ᠤᠷᠢᠳᠠᠪᠠᠷ ᠬᠠᠪᠴᠢᠵᠤ ᠲᠠᠷᠠᠭ᠎ᠠ ᠳᠤ ᠨᠢ ᠰᠠᠶ᠋ᠢ ᠪᠤᠷᠪᠢ ᠶᠢᠨ ᠲᠠᠯ᠎ᠠ ᠶᠢ ᠨᠢ ᠬᠠᠪᠴᠢᠨ᠎ᠠ
ᠭᠤᠳᠤᠯ ᠢᠶᠠᠨ ᠪᠤᠭᠤᠮᠠᠯᠠᠵᠤ᠂ ᠬᠠᠪᠴᠢᠵᠤ ᠪᠠᠷᠠᠪᠠᠯ ᠪᠤᠭᠤᠮ᠎ᠠ ᠪᠤᠯᠤᠨ ᠬᠠᠪᠴᠢᠶᠠᠷᠢ ᠶᠢᠨ ᠤᠶᠤᠳᠠᠯ ᠤᠨ ᠭᠡᠰᠡᠭ ᠢ ᠭᠤᠳᠤᠯ ᠢᠶᠠᠨ ᠬᠦᠷᠪᠡᠬᠦᠯᠦᠨᠠ᠃ ᠭᠤᠳᠤᠯ ᠬᠦᠷᠪᠡᠬᠦᠯᠬᠦ ᠪᠤᠯ ᠮᠠᠰᠢ ᠶᠡᠭᠡ ᠬᠦᠴᠦ ᠴᠢᠳᠠᠯ ᠠᠵᠢᠯ ᠪᠤᠯᠤᠨ᠎ᠠ ᠃ ᠬᠦᠴᠦ ᠴᠢᠳᠠᠯ ᠡᠮᠡᠭᠳᠡᠢ ᠬᠦᠮᠦᠨ ᠬᠦᠷᠪᠡᠬᠦᠯᠵᠦ ᠲᠡᠶᠢᠯᠳᠡᠭ ᠠᠵᠤ ᠪᠢᠰᠢ ᠤᠴᠢᠷ ᠠᠴᠠ ᠤᠯᠠᠩᠬᠢ ᠳᠠᠭᠠᠨ ᠡᠷᠡᠭᠳᠡᠢ ᠬᠦᠮᠦᠨ ᠢᠶᠠᠷ ᠭᠤᠳᠤᠯ ᠬᠦᠷᠪᠡᠬᠦᠯᠬᠦ ᠠᠵᠢᠯ ᠢ ᠬᠢᠯᠭᠡᠳᠡᠭ᠃ ᠢᠯᠠᠩᠭᠤᠶ᠎ᠡ ᠡᠷᠡᠭᠳᠡᠢ ᠬᠦᠮᠦᠨ ᠤ ᠠᠵᠢᠯ ᠤᠨ ᠭᠤᠳᠤᠯ ᠨᠡᠩ ᠵᠤᠵᠠᠭᠠᠨ ᠪᠦᠭᠡᠳ ᠬᠠᠳᠠᠭᠤ ᠪᠠᠬᠢ ᠪᠠᠶᠢᠳᠠᠭ ᠪᠤᠯᠬᠤᠷ ᠬᠦᠴᠦ ᠴᠢᠳᠠᠯ ᠮᠠᠭᠤᠳᠠᠢ ᠡᠮᠡᠭᠳᠡᠢ ᠬᠦᠮᠦᠨ ᠬᠦᠢᠴᠡᠳᠭᠡᠵᠦ ᠲᠡᠶᠢᠯᠳᠡᠭ ᠦᠬᠡᠢ᠃ ᠭᠤᠳᠤᠯ ᠢᠶᠠᠨ ᠬᠦᠷᠪᠡᠬᠦᠯᠦᠭᠰᠡᠨ ᠤ ᠬᠠᠪᠴᠢᠶᠠᠷᠢ ᠪᠤᠯᠤᠨ ᠪᠤᠭᠤᠮ᠎ᠠ ᠶᠢᠨ ᠴᠢᠬᠢᠭᠳᠡᠭᠡᠭᠰᠡᠨ ᠭᠡᠰᠡᠭ ᠤᠨ ᠤᠶᠤᠳᠠᠯ ᠢ ᠬᠤᠶᠠᠷ ᠲᠡᠯᠭᠡᠨ ᠢᠷᠠᠵᠤ ᠰᠦᠭᠡ ᠶᠢᠨ ᠲᠤᠬᠤ ᠪᠠᠷ ᠲᠡᠭᠰᠢᠷᠡᠳᠡᠯᠡ ᠲᠡᠮᠳᠡᠢ ᠰᠠᠶᠢᠬᠠᠨ ᠃ ᠲᠡᠭᠰᠢ ᠰᠠᠶᠢᠬᠠᠨ ᠪᠤᠯᠭᠠᠵᠤ ᠲᠡᠶᠢᠯᠬᠦ ᠦᠭᠡᠢ ᠪᠤᠯ ᠬᠦᠮᠦᠨ ᠤ ᠬᠦᠯ ᠢ ᠡᠪᠡᠳᠭᠡᠨᠠ᠃ ᠭᠡᠳᠦ ᠬᠦᠴᠦᠳᠡᠢ ᠭᠤᠳᠤᠯ ᠤᠨ ᠦᠩᠭᠡ ᠡᠯᠡᠭᠳᠡᠴᠢᠭᠡᠬᠦ ᠪᠤᠶᠤ ᠤᠶᠤᠭᠰᠠᠨ ᠤᠳᠠᠰᠤ ᠨᠢ ᠲᠠᠰᠤᠷᠠᠴᠢᠬᠠᠬᠤ ᠠᠴᠠ ᠬᠢᠴᠢᠶᠡᠬᠦ ᠭᠡᠷᠡᠭᠳᠡᠢ ᠃ ᠭᠤᠳᠤᠯ ᠤᠨ ᠲᠡᠭᠡᠷ᠎ᠡ ᠲᠦᠷᠡᠢ ᠶᠢᠨ ᠲᠡᠭᠡᠷ᠎ᠡ ᠬᠦᠪᠡᠭᠡ ᠶᠢ ᠤᠯᠠᠩᠬᠢ ᠳᠤ ᠪᠠᠨ ᠬᠤᠷᠭᠤᠢ ᠪᠤᠶᠤ ᠪᠦᠭᠡ ᠵᠤᠵᠠᠭᠠᠯᠢᠭ ᠪᠦᠰ ᠢᠶᠠᠷ ᠴᠢᠮᠬᠢᠵᠦ ᠬᠦᠪᠡᠭᠡᠯᠡᠵᠦ ᠤᠶᠤᠨ᠎ᠠ᠃ ᠭᠡᠬᠦ ᠳᠡᠭᠡᠨ᠂ ᠦᠩᠭᠡ ᠪᠤᠳᠤᠭ ᠵᠤᠬᠢᠴᠠᠭᠤᠯᠤᠨ ᠭᠤᠶᠤ ᠰᠠᠶᠢᠬᠠᠨ ᠪᠤᠯᠭᠠᠬᠤ ᠶᠢ ᠮᠠᠰᠢ ᠠᠩᠬᠠᠷᠴᠤ ᠤᠯᠠᠭᠠᠨ᠂ ᠨᠤᠭᠤᠭᠠᠨ᠂ ᠶᠠᠭᠠᠨ ᠮᠡᠳᠦ ᠶᠢᠨ ᠢᠯᠠ ᠦᠩᠭᠡ ᠶᠢᠨ ᠪᠦᠰ ᠪᠤᠶᠤ ᠬᠤᠷᠭᠤᠢ ᠶᠢ ᠰᠤᠩᠭᠤᠨ᠎ᠠ᠃ ᠲᠦᠷᠡᠢ ᠶᠢᠨ ᠬᠦᠪᠡᠭᠡ ᠳᠤ ᠰᠠᠶᠢᠯᠪᠤᠷᠢ ᠤᠶᠤᠬᠤ ᠬᠦᠮᠦᠰ ᠴᠤ ᠪᠤᠢ᠃ ᠭᠤᠳᠤᠯ ᠢᠶᠠᠨ ᠬᠦᠷᠪᠡᠬᠦᠯᠵᠦ ᠬᠠᠪᠴᠢᠶᠠᠷᠢ ᠪᠤᠯᠤᠨ ᠪᠤᠭᠤᠮ᠎ᠠ ᠶᠢᠨ ᠤᠶᠤᠳᠠᠯ ᠤᠨ ᠭᠡᠰᠡᠭ ᠢ ᠲᠡᠭᠰᠢᠯᠡᠵᠦ ᠪᠠᠷᠠᠭᠰᠠᠨ ᠤᠯᠠᠯᠠᠬᠤ ᠪᠠᠷ ᠪᠡᠯᠡᠳᠭᠡᠨ᠎ᠡ᠃
ᠭᠤᠳᠤᠯ ᠤᠯᠠᠯᠠᠬᠤ ᠶᠠᠪᠤᠴᠠ
ᠭᠤᠳᠤᠯ ᠤᠯᠠᠯᠠᠬᠤ ᠳᠤ ᠬᠤᠶᠠᠷ ᠦᠵᠦᠬᠦᠷ ᠲᠠᠢ ᠲᠠᠮᠤᠭᠰᠠᠨ ᠤᠨᠴᠠᠭᠠᠢ ᠰᠠᠶᠢᠨ ᠤᠯᠤᠰᠤᠨ ᠤᠳᠠᠰᠤ᠂ ᠭᠤᠷᠪᠠᠯᠵᠢᠨ ᠰᠢᠪᠦᠭᠡ ᠶᠢ ᠪᠡᠯᠡᠳᠭᠡᠵᠦ ᠵᠤᠯᠤᠭ ᠢᠶᠠᠨ ᠤᠯᠠᠯᠠᠬᠤ ᠭᠡᠰᠡᠭ ᠢᠶᠠᠷ ᠨᠢ ᠲᠤᠳᠤᠭᠰᠢ ᠤᠯᠠᠯᠠᠬᠤ ᠭᠡᠮᠵᠢᠶ᠎ᠡ ᠪᠠᠨ ᠦᠵᠡᠵᠦ ᠨᠤᠭᠤᠯᠤᠭᠠᠳ ᠯᠠᠪᠳᠠᠭᠤᠨ ᠮᠦᠷ ᠤᠷᠤᠭᠤᠯᠤᠨ᠎ᠠ᠃ ᠲᠠᠷᠠᠭ᠎ᠠ ᠳᠤ ᠨᠢ ᠭᠤᠳᠤᠯ ᠤᠨ ᠵᠤᠯᠤᠭ ᠤᠨ ᠬᠤᠩᠰᠢᠶᠠᠷ ᠤᠨ ᠲᠠᠯ᠎ᠠ ᠶᠢ ᠤᠯᠠ ᠵᠤᠯᠤᠭ ᠤᠨ ᠭᠤᠤᠯ ᠳᠤ ᠨᠢ ᠲᠠᠭᠠᠷᠠᠭᠤᠯᠵᠤ ᠠᠰᠯᠠᠭᠤᠯᠵᠤ ᠪᠠᠶᠢᠭᠠᠳ ᠲᠤᠪᠬᠢᠵᠦ ᠲᠤᠭᠳᠠᠭᠠᠨ᠎ᠠ᠃ ᠲᠡᠭᠡᠭᠡᠳ ᠪᠤᠷᠪᠢ ᠶᠢᠨ ᠲᠠᠯ᠎ᠠ ᠠᠴᠠ ᠡᠬᠢᠯᠡᠵᠦ ᠤᠯᠠᠯᠠᠨᠠ᠃ ᠭᠤᠳᠤᠯ ᠤᠯᠠᠯᠠᠬᠤ ᠳᠤ ᠤᠳᠠᠰᠤᠨ ᠤ ᠦᠵᠦᠬᠦᠷ ᠲᠤ ᠵᠡᠬᠦᠦ ᠰᠦᠪᠡᠯᠡᠳᠡᠭ ᠦᠭᠡᠢ᠃ ᠤᠷᠢᠳᠠᠪᠠᠷ ᠰᠢᠪᠦᠭᠡ ᠶᠢᠨ ᠨᠦᠭᠡ ᠪᠠᠷ ᠭᠠᠳᠠᠨ᠎ᠠ ᠲᠠᠯ᠎ᠠ ᠠᠴᠠ ᠨᠢ ᠤᠳᠠᠰᠤᠨ ᠰᠦᠪᠡᠭᠴᠢ ᠪᠠᠨ ᠲᠤᠳᠤᠭᠰᠢ ᠲᠠᠳᠠᠵᠤ ᠤᠷᠤᠭᠤᠯᠤᠭᠠᠳ ᠭᠠᠳᠠᠨ᠎ᠠ ᠲᠤᠳᠤᠨᠠᠬᠢ ᠤᠳᠠᠰᠤᠨ ᠤ ᠭᠡᠮᠵᠢᠶ᠎ᠡ ᠶᠢ ᠲᠡᠩᠴᠡᠬᠦᠤ ᠪᠤᠯᠭᠠᠵᠤ ᠲᠠᠳᠠᠨ᠎ᠠ᠃ ᠭᠠᠳᠠᠨ᠎ᠠ ᠦᠯᠡᠳᠡᠭᠰᠡᠨ ᠤᠳᠠᠰᠤ ᠶᠢ ᠤᠷᠤᠭᠰᠢᠯᠡᠵᠦ ᠬᠠᠳᠬᠤᠭᠰᠠᠨ ᠰᠢᠪᠦᠭᠡ ᠶᠢᠨ ᠨᠦᠭᠡ ᠪᠠᠷ ᠲᠤᠳᠤᠭᠰᠢ ᠭᠠᠷᠭᠠᠭᠠᠳ᠂ ᠲᠤᠳᠤᠷ ᠲᠠᠯ᠎ᠠ ᠠᠴᠠ ᠨᠢ ᠵᠤᠬᠢᠬᠤ ᠤᠷᠳᠤ ᠪᠠᠷ ᠴᠢᠩᠭᠠᠭᠠᠵᠤ ᠭᠠᠷᠭᠠᠨ ᠤᠳᠠᠰᠤᠨ ᠤ ᠡᠷᠴᠢᠮ ᠢ ᠨᠢᠭᠡ ᠭᠡᠰᠡᠭ ᠲᠤ ᠨᠢ ᠰᠤᠯᠠᠯᠠᠵᠤ ᠨᠦᠬᠦᠭᠡ ᠲᠤᠳᠤᠷ ᠲᠠᠯ᠎ᠠ ᠳᠠᠬᠢ ᠤᠳᠠᠰᠤᠨ ᠰᠦᠪᠡᠭᠴᠢ ᠪᠠᠨ ᠰᠤᠯᠠᠳᠬᠠᠭᠰᠠᠨ ᠡᠷᠴᠢᠮ ᠤᠨ ᠵᠠᠪᠰᠠᠷ ᠲᠤ ᠬᠠᠪᠴᠢᠭᠤᠯᠤᠭᠠᠳ ᠭᠠᠳᠠᠨ᠎ᠠ ᠲᠠᠯ᠎ᠠ ᠶᠢᠨ ᠤᠳᠠᠰᠤ ᠪᠠᠨ ᠭᠡᠳᠡᠷᠬᠦ ᠲᠠᠳᠠᠪᠠᠯ ᠰᠠᠶ᠋ᠢ ᠶᠢᠨ ᠲᠤᠳᠤᠷ ᠲᠠᠯ᠎ᠠ ᠳᠤ ᠬᠠᠪᠴᠢᠭᠤᠯᠤᠭᠳᠠᠭᠰᠠᠨ ᠤᠳᠠᠰᠤᠨ ᠰᠦᠪᠡᠭᠴᠢ ᠭᠡᠳᠡᠷᠬᠦ ᠲᠠᠳᠠᠭᠰᠠᠨ ᠤᠳᠠᠰᠤ ᠶᠢ ᠲᠠᠭᠠᠵᠤ ᠭᠤᠳᠤᠯ ᠤᠨ ᠭᠠᠳᠠᠨ᠎ᠠ ᠲᠠᠯ᠎ᠠ ᠳᠤ ᠭᠠᠷᠴᠤ ᠃ ᠭᠠᠳᠠᠨ᠎ᠠ ᠲᠤᠳᠤᠨᠠᠬᠢ ᠬᠤᠶᠠᠷ ᠰᠦᠪᠡᠭᠴᠢ ᠶᠢ ᠡᠰᠡᠷᠬᠦ ᠪᠠᠷ ᠵᠡᠷᠭᠡ ᠳᠤ ᠨᠢ ᠬᠤᠶᠠᠷ ᠴᠢᠩᠭᠠᠭᠠᠵᠤ ᠴᠢᠩᠭᠠᠯᠠᠳᠠᠭ᠃ ᠡᠨᠡ ᠮᠡᠳᠦ ᠪᠠᠷ ᠲᠠᠬᠢᠨ ᠲᠠᠪᠳᠠᠨ ᠬᠦᠢᠴᠡᠳᠭᠡᠵᠦ ᠬᠢᠨ᠎ᠡ᠃
ᠭᠤᠳᠤᠯ ᠭᠡᠯᠪᠢᠬᠦ ᠪᠠ ᠤᠶᠢᠮᠦᠰᠦ ᠤᠶᠤᠬᠤ
ᠤᠯᠠᠯᠠᠵᠤ ᠪᠠᠷᠠᠭᠰᠠᠨ ᠤ ᠲᠠᠷᠠᠭ᠎ᠠ ᠭᠤᠳᠤᠯ ᠢᠶᠠᠨ ᠴᠢᠬᠢᠭ ᠲᠠᠢ ᠪᠠᠶᠢᠬᠤ ᠬᠠᠭᠠᠰ ᠭᠤᠳᠤᠯ ᠬᠤᠮᠠᠭ ᠬᠢᠵᠦ ᠲᠤᠰᠬᠠᠶᠢᠯᠠᠨ ᠪᠡᠯᠡᠳᠭᠡᠭᠰᠡᠨ ᠬᠡᠯᠪᠢᠬᠦᠷ ᠮᠤᠳᠤ ᠪᠠᠷ ᠨᠦᠳᠦᠵᠦ ᠭᠤᠳᠤᠯ ᠢᠶᠠᠨ ᠶᠠᠩᠵᠤ ᠤᠷᠤᠭᠤᠯᠵᠤ ᠭᠡᠯᠪᠢᠨᠡ᠃ ᠡᠪᠤᠯ ᠤᠨ ᠭᠤᠳᠤᠯ ᠳᠤ ᠪᠤᠯ ᠢᠰᠡᠭᠡᠢ ᠤᠶᠢᠮᠤᠰᠤ ᠬᠢᠬᠦ ᠪᠤᠶᠤ ᠬᠦᠪᠦᠩ ᠲᠠᠢ ᠤᠶᠢᠮᠤᠰᠤ ᠤᠶᠤᠵᠤ ᠬᠢᠨ᠎ᠡ᠃ ᠢᠰᠡᠭᠡᠢ ᠤᠶᠢᠮᠦᠰᠦ ᠶᠢ ᠪᠤᠯ ᠦᠪᠡᠷ ᠢᠶᠠᠨ ᠦᠯᠢᠭᠡᠷ ᠭᠡᠪ ᠤᠨ ᠶᠠᠩᠵᠤ ᠪᠠᠷ ᠢᠶᠠᠨ ᠃ ᠬᠦᠪᠦᠩ ᠲᠠᠢ ᠤᠶᠢᠮᠦᠰᠦ ᠶᠢ ᠪᠤᠯ ᠦᠯᠢᠭᠡᠷ ᠬᠡᠪ ᠤᠨ ᠶᠤᠰᠤᠭᠠᠷ ᠤᠯᠠ ᠪᠤᠯᠤᠨ ᠲᠦᠷᠡᠢ ᠶᠢ ᠨᠢ ᠡᠰᠭᠡᠵᠦ ᠠᠪᠤᠭᠠᠳ ᠬᠦᠪᠦᠩ ᠲᠠᠯᠪᠢᠵᠦ ᠃ ᠵᠠᠷᠢᠮ ᠳᠠᠭᠠᠨ ᠢᠰᠡᠭᠡᠢ ᠪᠤᠶᠤ ᠬᠦᠪᠦᠩ ᠤᠶᠢᠮᠦᠰᠦ ᠶᠢ ᠭᠤᠳᠤᠯ ᠤᠨ ᠲᠦᠷᠡᠢ ᠠᠴᠠ ᠲᠡᠭᠡᠭᠰᠢ ᠬᠤᠶᠠᠷ ᠬᠤᠷᠤᠭᠤ ᠭᠠᠷᠭᠠᠵᠤ ᠤᠶᠢᠮᠦᠰᠦᠨ ᠲᠦᠷᠡᠢ ᠪᠠᠨ ᠬᠤᠷᠭᠤᠢ ᠪᠠᠷ ᠴᠢᠮᠡᠵᠦ ᠤᠶᠤᠳᠠᠭ᠃ ᠢᠩᠬᠢᠵᠦ ᠴᠢᠮᠡᠭᠰᠡᠨ ᠭᠡᠰᠡᠭ ᠢ ᠤᠶᠢᠮᠦᠰᠦᠨ ᠤᠮᠤᠭ ᠭᠡᠳᠡᠭ᠃