ᠵᠤᠬᠢᠶᠠᠭᠴᠢ:
ᠴᠠᠭ:2019-03-18
ᠥᠵᠡᠭᠰᠡᠨ : ℃
ᠢᠷᠡᠯᠲᠡ:
ᠮᠤᠩᠭᠤᠯ ᠭᠤᠳᠤᠯ ᠦᠢᠯᠡ ᠤᠷᠠᠯᠠᠯ ᠤᠨ ᠭᠠᠶᠢᠬᠠᠮᠰᠢᠭ
ᠤᠯᠠ ᠵᠤᠯᠤᠭ ᠨᠠᠭᠠᠬᠤ ᠪᠠ ᠤᠯᠠ ᠰᠢᠷᠢᠬᠦ
ᠬᠤᠶᠠᠷ ᠤᠯᠠ ᠶᠢᠨ ᠴᠠᠪᠤᠭ ᠢ ᠬᠠᠶᠢᠴᠢᠯᠠᠵᠤ ᠡᠰᠭᠡᠵᠦ ᠪᠠᠷᠠᠪᠠᠯ᠂ ᠴᠠᠭᠠᠨ ᠪᠦᠰ ᠢ ᠵᠢᠰᠢᠬᠦᠦ ᠪᠠᠷ ᠬᠤᠷᠤᠭᠤ ᠢᠯᠡᠬᠦᠦ ᠦᠷᠭᠡᠨ ᠵᠦᠰᠦᠵᠦ ᠴᠠᠪᠤᠭ ᠤᠨ ᠢᠷᠮᠡᠭ ᠤᠨ ᠴᠠᠭᠠᠨ ᠪᠦᠰ ᠢᠶᠠᠨ ᠪᠠᠭ᠎ᠠ ᠴᠢᠩᠭᠠᠭᠠᠰᠬᠢᠵᠦ ᠪᠠᠶᠢᠭᠠᠳ ᠨᠠᠭᠠᠪᠠᠯ ᠨᠠᠭᠠᠯᠳᠤᠪᠤᠷᠢ ᠲᠠᠢ ᠰᠠᠶᠢᠬᠠᠨ ᠪᠤᠯᠳᠠᠭ᠃ ᠭᠡᠦᠭᠡᠨ ᠤᠯᠠ ᠶᠢ ᠤᠳᠤ ᠪᠦᠷ ᠨᠤᠭᠤᠭᠠᠨ ᠦᠭᠡᠳᠡᠩ ᠢᠶᠠᠷ ᠴᠢᠮᠬᠢᠨ ᠨᠠᠭᠠᠵᠤ ᠪᠤᠢ᠃ ᠭᠡᠦᠭᠡᠨ ᠤᠯᠠ ᠠᠴᠠ ᠪᠤᠰᠤᠳ ᠤᠯᠠ ᠶᠢ ᠴᠠᠭᠠᠨ ᠪᠦᠰ ᠢᠶᠠᠷ ᠴᠢᠮᠬᠢᠳᠡᠭ᠃ ᠬᠠᠳᠠᠯᠭ᠎ᠠ ᠤᠯᠠ ᠶᠢ ᠴᠠᠭᠠᠨ ᠪᠦᠰ ᠢᠶᠠᠷ᠂ ᠭᠡᠦᠭᠡᠨ ᠤᠯᠠ ᠶᠢ ᠨᠤᠭᠤᠭᠠᠨ ᠦᠭᠡᠳᠡᠩ ᠢᠶᠠᠷ ᠴᠢᠮᠬᠢᠬᠦ ᠳᠤ ᠴᠠᠭᠠᠨ ᠪᠦᠰ ᠨᠢ ᠦᠭᠡᠳᠡᠩ ᠠᠴᠠ ᠨᠢᠮᠭᠡᠨ ᠪᠤᠯᠬᠤᠷ ᠬᠠᠳᠠᠯᠭ᠎ᠠ ᠤᠯᠠ ᠨᠢ ᠠᠶᠠᠨᠳᠠᠭᠠᠨ ᠭᠡᠦᠭᠡᠨ ᠤᠯᠠ ᠠᠴᠠ ᠦᠯᠦ ᠮᠡᠳᠡᠭᠳᠡᠮ᠎ᠡ ᠪᠠᠭ᠎ᠠ ᠬᠠᠷᠠᠭᠳᠠᠳᠠᠭ᠃ ᠴᠢᠮᠬᠢᠵᠦ ᠪᠠᠷᠠᠭᠰᠠᠨ ᠤᠯᠠ ᠶᠢᠨ ᠴᠠᠪᠤᠭ ᠤᠳ ᠢ ᠬᠤᠭᠤᠷᠤᠨᠳᠦ ᠨᠢ ᠨᠠᠭᠠᠯᠳᠤᠭᠤᠯᠬᠤ ᠳᠠᠭᠠᠨ ᠴᠠᠪᠤᠭ ᠤᠳ ᠤᠨ ᠵᠠᠪᠰᠠᠷ ᠲᠤ ᠭᠤᠷᠪᠠᠨ ᠲᠠᠪᠬᠤᠷ ᠴᠠᠪᠤᠭ ᠢ ᠨᠢᠭᠡ ᠨᠢᠭᠡ ᠲᠠᠪᠬᠤᠷ ᠨᠡᠮᠡᠵᠦ ᠨᠠᠭᠠᠳᠠᠭ᠃ ᠭᠡᠦᠭᠡᠨ ᠤᠯᠠ ᠶᠢᠨ ᠲᠤᠤᠭᠤᠷ ᠪᠤᠯ ᠬᠤᠶᠠᠷ ᠠᠴᠠ ᠭᠤᠷᠪᠠᠨ ᠲᠠᠪᠬᠤᠷ ᠴᠠᠪᠤᠭ ᠨᠡᠮᠡᠵᠦ ᠨᠠᠭᠠᠬᠤ ᠳᠠᠭᠠᠨ ᠨᠢᠭᠡ ᠲᠠᠪᠬᠤᠷ ᠢ ᠨᠢ ᠪᠠᠭ᠎ᠠ ᠲᠤᠳᠤᠭᠰᠢ ᠪᠠᠨ ᠰᠢᠭ᠋ ᠨᠠᠭᠠᠪᠠᠯ ᠪᠤᠰᠤᠳ ᠠᠴᠠ ᠪᠠᠨ ᠪᠠᠭ᠎ᠠ ᠲᠤᠳᠠᠭᠤ ᠰᠢᠭ᠋ ᠢᠯᠡᠬᠦᠦ ᠵᠤᠬᠢᠷᠠᠳᠠᠭ᠃ ᠵᠠᠷᠢᠮ ᠬᠦᠮᠦᠨ ᠬᠠᠳᠠᠯᠭ᠎ᠠ ᠤᠯᠠ ᠶᠢ ᠴᠠᠪᠤᠭ ᠢᠶᠠᠷ ᠬᠢᠳᠡᠭ ᠦᠭᠡᠢ᠂ ᠭᠡᠦᠭᠡᠨ ᠤᠯᠠ ᠪᠠᠨ ᠨᠠᠭᠠᠵᠤ ᠴᠢᠮᠬᠢᠭᠡᠳ ᠪᠠᠷᠠᠭᠰᠠᠨ ᠴᠢᠮᠬᠢᠶᠡᠷᠢ ᠪᠠᠷ ᠭᠡᠷᠡᠭᠯᠡᠳᠡᠭ ᠴᠠᠭᠠᠨ ᠵᠤᠷᠪᠤᠰ ᠪᠦᠰ ᠢᠶᠠᠨ ᠬᠤᠶᠠᠷ ᠲᠠᠪᠬᠤᠷᠯᠠᠭᠠᠳ ᠭᠡᠦᠭᠡᠨ ᠤᠯᠠ ᠶᠢᠨ ᠲᠡᠭᠡᠷ᠎ᠡ ᠭᠡᠦᠭᠡᠨ ᠤᠯᠠ ᠠᠴᠠ ᠮᠡᠳᠡᠭᠳᠡᠮ᠎ᠡ ᠲᠤᠳᠠᠭᠤ ᠬᠠᠪᠰᠤᠷᠴᠤ ᠨᠠᠭᠠᠭᠠᠳ ᠲᠤᠮᠳᠠ ᠨᠢ ᠭᠠᠷᠤᠭᠰᠠᠨ ᠬᠤᠳᠤᠭᠤᠷ ᠲᠤᠳᠤᠷ᠎ᠠ ᠨᠢ ᠰᠤᠯᠠ ᠴᠠᠪᠤᠭ ᠨᠠᠭᠠᠵᠤ ᠲᠦᠬᠦᠷᠭᠡᠳᠡᠭ᠃ ᠬᠠᠳᠠᠯᠭ᠎ᠠ ᠤᠯᠠ ᠬᠢᠭᠡᠳ ᠭᠡᠦᠭᠡᠨ ᠤᠯᠠ ᠠᠴᠠ ᠤᠨᠳᠤᠤ ᠲᠡᠭᠰᠢᠯᠡᠨ ᠨᠠᠭᠠᠭᠰᠠᠨ ᠭᠡᠰᠡᠭ ᠢ ᠲᠤᠮᠳᠠ ᠤᠯᠠ ᠭᠡᠳᠡᠭ᠃ ᠲᠤᠮᠳᠠ ᠤᠯᠠ ᠶᠢ ᠵᠠᠪᠠᠯ ᠲᠤᠯᠤᠭᠠᠨ ᠲᠠᠪᠬᠤᠷ ᠨᠠᠭᠠᠬᠤ ᠲᠤᠭᠳᠠᠭᠠᠯ ᠲᠠᠢ ᠪᠢᠰᠢ ᠵᠠᠷᠢᠮ ᠳᠠᠭᠠᠨ 4 ~ 5 ᠲᠠᠪᠬᠤᠷ ᠴᠤ ᠨᠠᠭᠠᠳᠠᠭ᠃ ᠤᠯᠠᠩᠬᠢ ᠳᠠᠭᠠᠨ ᠵᠠᠰᠠᠯ ᠳᠤ ᠡᠮᠦᠰᠬᠦ ᠭᠤᠳᠤᠯ ᠤᠨ ᠤᠯᠠ ᠶᠢ ᠢᠯᠡᠬᠦᠦ ᠲᠠᠪᠬᠤᠷᠯᠠᠵᠤ ᠨᠠᠭᠠᠳᠠᠭ᠃ ᠬᠠᠮᠤᠭ ᠤᠨ ᠲᠤᠤᠷ᠎ᠠ ᠨᠢ ᠤᠷᠤᠳᠠᠭ ᠤᠯᠠ ᠶᠢ ᠠᠷᠤ ᠤᠯᠠ ᠭᠡᠳᠡᠭ᠃ ᠠᠷᠤ ᠤᠯᠠ ᠶᠢᠨ ᠲᠡᠭᠡᠷ᠎ᠡ ᠨᠢᠭᠡ ᠲᠠᠪᠬᠤᠷ ᠴᠠᠪᠤᠭ ᠨᠡᠮᠡᠵᠦ ᠨᠠᠭᠠᠭᠠᠳ ᠦᠪᠴᠢ ᠴᠠᠭᠠᠨ ᠢᠶᠠᠷ ᠨᠠᠭᠠᠨ᠎ᠠ᠃ ᠡᠬᠦᠨ ᠢ ᠤᠯᠠ ᠶᠢᠨ ᠦᠩᠭᠡ ᠲᠠᠷᠤᠨ᠎ᠠ ᠭᠡᠳᠡᠭ᠃ ᠨᠠᠭᠠᠵᠤ ᠭᠠᠷᠭᠠᠭᠰᠠᠨ ᠤᠯᠠ ᠪᠠᠨ ᠲᠡᠷᠡ ᠪᠤᠶᠤ ᠲᠤᠭᠤᠰᠬ᠎ᠠ ᠮᠡᠳᠦ ᠶᠢᠨ ᠬᠦᠨᠳᠦ ᠰᠢᠭ ᠶᠠᠭᠤᠮ᠎ᠠ ᠪᠠᠷ ᠲᠠᠷᠤᠵᠤ ᠭᠡᠳᠦᠨ ᠬᠤᠪᠢ ᠬᠠᠳᠠᠭᠰᠠᠨ ᠤ ᠲᠠᠷᠠᠭ᠎ᠠ ᠭᠠᠷᠭᠠᠵᠤ ᠲᠠᠬᠢᠨ ᠲᠡᠭᠰᠢᠯᠡᠨ ᠵᠠᠰᠠᠨ᠎ᠠ᠃
ᠨᠠᠭᠠᠵᠤ ᠬᠠᠳᠠᠭᠠᠭᠰᠠᠨ ᠤᠯᠠ ᠶᠢ ᠰᠢᠷᠢᠵᠦ ᠤᠶᠤᠬᠤ ᠳᠤ ᠰᠢᠯᠵᠢᠬᠦ ᠠᠴᠠ ᠨᠢ ᠰᠡᠷᠭᠡᠶᠢᠯᠡᠭᠡᠳ ᠤᠷᠢᠳᠠᠪᠠᠷ ᠬᠤᠯᠠ ᠬᠤᠯᠠ ᠲᠤᠭᠤᠷᠢᠭᠤᠯᠵᠤ ᠨᠢᠭᠡ ᠮᠦᠷ᠂ ᠲᠤᠮᠳᠠᠭᠤᠷ ᠨᠢ ᠨᠢᠭᠡ ᠮᠦᠷ ᠰᠢᠳᠡᠵᠦ ᠤᠶᠤᠬᠰᠠᠨ ᠨᠢᠭᠳᠠ ᠰᠢᠭ᠋ ᠨᠢᠭᠡ ᠠᠴᠠ ᠬᠤᠶᠠᠷ ᠮᠦᠷ ᠲᠤᠭᠤᠷᠢᠭᠤᠯᠵᠤ ᠤᠶᠤᠨ᠎ᠠ᠃ ᠲᠤᠭᠤᠷᠢᠭᠤᠯᠵᠤ ᠪᠠᠷᠠᠭᠰᠠᠨ ᠤ ᠲᠠᠷᠠᠭ᠎ᠠ ᠰᠢᠳᠡᠭᠡᠷᠢ ᠪᠠᠨ ᠠᠪᠴᠤ ᠬᠠᠶᠠᠭᠠᠳ ᠲᠠᠮᠤᠵᠤ ᠪᠡᠯᠡᠳᠭᠡᠭᠰᠡᠨ ᠤᠯᠤᠰᠤᠨ ᠤᠳᠠᠰᠤ ᠪᠠᠷ ᠰᠢᠷᠢᠨ᠎ᠡ᠃ ᠪᠤᠰᠤᠳ ᠭᠤᠯᠭᠤᠮᠠᠳᠠᠭᠠᠢ ᠮᠠᠲ᠋ᠧᠷᠢᠶᠠᠯ ᠢᠶᠠᠷ ᠲᠠᠮᠤᠭᠰᠠᠨ ᠤᠳᠠᠰᠤ ᠪᠠᠷ ᠰᠢᠷᠢᠵᠦ ᠪᠤᠯᠳᠠᠭ ᠦᠭᠡᠢ᠃
ᠵᠤᠯᠤᠭ ᠪᠤᠯᠤᠨ ᠲᠦᠷᠡᠢ ᠶᠢᠨ ᠦᠯᠢᠭᠡᠷ ᠢᠶᠠᠨ ᠴᠠᠪᠤᠭ ᠲᠠᠭᠠᠨ ᠰᠢᠳᠡᠵᠦ ᠤᠶᠤᠭᠠᠳ ᠬᠠᠶᠢᠴᠢᠯᠠᠵᠤ ᠠᠪᠤᠭᠰᠠᠨ ᠦᠩᠭᠡ ᠲᠠᠷᠤᠬᠤ ᠠᠴᠠ ᠪᠠᠨ ᠡᠮᠦᠨ᠎ᠡ ᠨᠠᠭᠠᠳᠤ ᠵᠠᠬ᠎ᠠ ᠳᠠᠭᠠᠨ ᠭᠤᠷᠪᠠ ᠠᠴᠠ ᠲᠦᠷᠪᠡᠨ ᠲᠠᠪᠬᠤᠷ ᠲᠠᠷᠤᠤ ᠡᠯᠡᠭᠳᠡᠭᠰᠡᠨ ᠢᠶᠠᠷ ᠪᠠᠭ᠎ᠠ ᠰᠢᠭ᠋ ᠂ ᠪᠠᠬᠢ ᠰᠢᠭ ᠪᠦᠰ ᠂ ᠪᠠᠰᠠ ᠲᠠᠷ ᠲᠠᠢ ᠰᠢᠭ᠋ ᠪᠦᠰ ᠭᠡᠳᠡᠭ ᠲᠠᠢ ᠴᠢᠨᠡᠭᠡ ᠴᠠᠪᠤᠭ ᠬᠠᠳᠠᠭᠠᠬᠤ ᠳᠤ ᠭᠡᠷᠡᠭᠯᠡᠬᠦ ᠰᠤᠯᠠ ᠪᠦᠰ — ᠴᠠᠪᠤᠭ ᠤᠨ ᠪᠦᠰ ᠨᠠᠭᠠᠭᠠᠳ ᠦᠩᠭᠡ ᠲᠠᠷᠤᠨ᠎ᠠ᠃ ᠢᠩᠬᠢᠵᠦ ᠨᠠᠭᠠᠬᠤ ᠪᠦᠰ ᠢ ᠵᠤᠯᠤᠭ ᠤᠨ ᠲᠠᠪᠬᠤᠴᠠᠭ᠎ᠠ ᠭᠡᠳᠡᠭ᠃ ᠵᠤᠯᠤᠭ ᠤᠨ ᠲᠠᠪᠬᠤᠴᠠᠭ᠎ᠠ ᠨᠠᠭᠠᠬᠤ ᠳᠠᠭᠠᠨ ᠬᠠᠪᠴᠢᠶᠠᠷᠢ ᠪᠤᠯᠤᠨ ᠪᠤᠭᠤᠮ᠎ᠠ ᠶᠢᠨ ᠭᠡᠰᠡᠭ ᠲᠤ ᠰᠠᠪᠬ᠎ᠠ ᠶᠢᠨ ᠬᠢᠷᠢ ᠭᠠᠵᠠᠷ ᠦᠯᠡᠳᠡᠭᠡᠨ᠎ᠡ᠃ ᠲᠡᠭᠡᠪᠡᠯ ᠬᠤᠵᠢᠮ ᠨᠢ ᠵᠤᠯᠤᠭ ᠬᠠᠪᠴᠢᠵᠦ ᠪᠤᠭᠤᠮᠠᠯᠠᠬᠤ ᠳᠤ ᠵᠤᠬᠢᠮᠵᠢᠳᠠᠢ ᠪᠤᠯᠳᠠᠭ᠃ ᠭᠤᠳᠤᠯ ᠤᠨ ᠵᠤᠯᠤᠭ ᠢ ᠶᠡᠷᠦ ᠳᠡᠭᠡᠨ ᠲᠤᠳᠤᠯᠠᠳᠠᠭ ᠦᠭᠡᠢ᠃ ᠭᠤᠳᠤᠯ ᠤᠨ ᠦᠩᠭᠡ ᠶᠢ ᠪᠠᠷᠤᠭ ᠯᠡ ᠦᠭᠡᠳᠡᠩ ᠢᠶᠠᠷ ᠲᠠᠷᠤᠨ᠎ᠠ᠃ ᠡᠷᠳᠡ ᠳᠡᠭᠡᠨ ᠮᠠᠲ᠋ᠧᠷᠢᠶᠠᠯ ᠬᠤᠪᠤᠷ ᠪᠠᠶᠢᠬᠤ ᠳᠤ ᠠᠷᠭ᠎ᠠ ᠦᠭᠡᠢ ᠳᠡᠭᠡᠨ ᠪᠦᠰ ᠢᠶᠠᠷ ᠴᠤ ᠦᠩᠭᠡ ᠲᠠᠷᠤᠳᠠᠭ ᠪᠠᠶᠢᠵᠠᠢ ᠃ ᠦᠩᠭᠡ ᠲᠠᠷᠤᠵᠤ ᠪᠠᠷᠠᠪᠠᠯ ᠵᠤᠯᠤᠭ ᠲᠦᠷᠡᠢ ᠶᠢᠨ ᠪᠦᠬᠦ ᠬᠦᠪᠡᠭᠡ ᠶᠢ ᠬᠦᠪᠦᠷᠢᠳᠦᠨ ᠤᠶᠤᠨ᠎ᠠ᠃