ᠵᠤᠬᠢᠶᠠᠭᠴᠢ:
ᠴᠠᠭ:2018-12-26
ᠥᠵᠡᠭᠰᠡᠨ : ℃
ᠢᠷᠡᠯᠲᠡ:
ᠢᠯ ᠬᠠᠭᠠᠨᠲᠤ ᠤᠯᠤᠰ
ᠢᠯ ᠬᠠᠭᠠᠨᠲᠤ ᠤᠯᠤᠰ ᠪᠣᠯ ᠶᠤᠸᠠᠨ ᠤᠯᠤᠰ ᠤᠨ ᠬᠠᠷᠢᠶᠠᠲᠤ ᠤᠯᠤᠰ ᠪᠣᠯᠣᠨ᠎ᠠ ᠃ 13 ᠳ᠋ᠤᠭᠠᠷ ᠵᠠᠭᠤᠨ ᠣ ᠳᠤᠮᠳᠠᠴᠢ ᠦᠶ᠎ᠡ ᠡᠴᠡ 14 ᠳ᠋ᠤᠭᠡᠷ ᠵᠠᠭᠤᠨ ᠤ ᠳᠤᠮᠳᠠᠴᠢ ᠦᠶ᠎ᠡ ᠬᠦᠷᠲᠡᠯ᠎ᠡ ᠫᠧᠷᠰ ᠢ ᠨᠣᠶᠠᠷᠬᠠᠵᠤ ᠪᠠᠶᠢᠭᠰᠠᠨ ᠮᠣᠩᠭᠣᠯ ᠬᠠᠭᠠᠨᠲᠤ ᠤᠯᠤᠰ ᠪᠣᠯᠣᠨ᠎ᠠ ᠃ ᠴᠢᠩᠭᠢᠰ ᠬᠠᠭᠠᠨ ᠤ ᠳᠥᠷᠪᠡᠳᠦᠭᠡᠷ ᠬᠦᠪᠡᠭᠦᠨ ᠲᠣᠯᠣᠢ ᠶᠢᠨ ᠬᠦᠪᠡᠭᠦᠨ ᠦᠯᠡᠬᠦ ᠪᠠᠶᠢᠭᠤᠯᠪᠠ ᠃ ᠦᠯᠡᠬᠦ ᠵᠢᠴᠢ ᠲᠡᠭᠦᠨ ᠦ ᠵᠠᠯᠭᠠᠮᠵᠢᠯᠠᠭᠴᠢᠳ ᠥᠪᠡᠷ ᠢ ᠪᠡᠨ ᠢᠯ ᠬᠠᠨ ᠭᠡᠳᠡᠭ ᠃ ᠢᠯ ᠭᠡᠳᠡᠭ ᠨᠢ ᠳᠠᠭᠠᠯᠲᠠ ᠭᠡᠰᠡᠨ ᠤᠳᠬ᠎ᠠ ᠲᠠᠢ ᠲᠦᠷᠦᠭ ᠦᠭᠡ ᠪᠣᠯᠣᠨ᠎ᠠ ᠃
1221 ~1222 ᠣᠨ ᠳᠤ ᠴᠢᠩᠭᠢᠰ ᠬᠠᠭᠠᠨ ᠬᠤᠷᠧᠽᠮ ᠢ ᠳᠠᠶᠢᠯᠠᠬᠤ ᠳᠠᠶᠢᠨ ᠳᠤ ᠫᠧᠷᠰ ᠦᠨ ᠵᠡᠭᠦᠨ ᠬᠡᠰᠡᠭ ᠪᠣᠯᠬᠤ ᠬᠤᠷᠠᠰᠠᠨ ᠤ ᠣᠯᠠᠨ ᠬᠣᠲᠠᠳ ᠢ ᠡᠵᠡᠯᠡᠪᠡ ᠃ 1231 ᠣᠨ ᠳᠤ ᠦᠭᠡᠳᠡᠢ ᠂ ᠥᠷᠯᠥᠭ ᠵᠠᠩᠵᠤᠨ ᠴᠣᠷᠮᠠᠬᠠᠨ ᠢᠶᠠᠷ ᠭᠤᠷᠪᠠᠨ ᠲᠦᠮᠡᠨ ᠴᠡᠷᠢᠭ ᠢ ᠵᠠᠬᠢᠷᠠᠭᠤᠯᠤᠨ ᠦᠷᠦᠨᠡᠰᠢ ᠳᠠᠶᠢᠯᠠᠭᠤᠯᠵᠤ ᠂ ᠫᠧᠷᠰ ᠦᠨ ᠪᠠᠷᠠᠭᠤᠨ ᠬᠡᠰᠡᠭ ᠲᠠᠬᠢ ᠳᠠᠬᠢᠨ ᠰᠡᠷᠭᠦᠭᠰᠡᠨ ᠬᠤᠷᠧᠽᠮ ᠤᠨ ᠰᠥᠯᠲᠡᠨ ᠵᠠᠯᠠᠯᠳᠢᠨ ᠢ ᠮᠦᠬᠦᠭᠡᠭᠡᠳ ᠫᠧᠷᠰ ᠦᠨ ᠶᠡᠬᠡᠩᠭᠢ ᠬᠡᠰᠡᠭ ᠭᠠᠵᠠᠷ ᠣᠷᠣᠨ ᠢ ᠡᠵᠡᠯᠡᠨ ᠠᠪᠴᠠᠢ ᠃ ᠡᠭᠦᠨ ᠦ ᠳᠠᠷᠠᠭ᠎ᠠ ᠭᠷᠦᠵᠢᠶᠡ ᠭᠷᠦᠽᠢᠶ᠎ᠡ ᠂ ᠠᠷᠮᠧᠨᠢᠶ᠎ᠠ ᠂ ᠷᠦᠮᠢ ᠪᠠᠭ᠎ᠠ ᠠᠽᠢᠶ᠎ᠠ ᠳ᠋ᠡᠬᠢ ᠰᠧᠯᠵᠢ ᠸᠠᠩᠲᠤ ᠤᠯᠤᠰ ᠵᠡᠷᠭᠡ ᠤᠯᠤᠰ ᠪᠠᠰᠠ ᠮᠣᠩᠭᠣᠯ ᠤᠨ ᠡᠷᠬᠡᠰᠢᠶᠡᠯ ᠳᠦ ᠣᠷᠣᠪᠠ ᠃ 1256 ᠣᠨ ᠳᠤ ᠦᠯᠡᠬᠦ ᠮᠠᠨᠽᠠᠨᠳᠠᠷᠠᠨ ᠣᠳᠣ ᠶᠢᠨ ᠢᠷᠠᠨ ᠤ ᠮᠠᠨᠽᠠᠨᠳᠠᠷᠠᠨ ᠮᠤᠵᠢ ᠦ ᠣᠯᠠᠨ ᠴᠠᠶᠢᠵᠠ ᠶᠢ ᠡᠵᠡᠯᠡᠨ ᠰᠠᠭᠤᠭᠰᠠᠨ ᠮᠦᠯᠠᠶ᠋ᠢ ᠤᠯᠤᠰ ᠢᠰᠯᠠᠮ ᠤᠨ ᠱᠠᠰᠢᠨ ᠤ ᠢᠰᠠᠮᠠᠶᠢᠨ ᠪᠦᠯᠦᠭ ᠦᠨ ᠬᠦᠴᠦᠨ ᠂ ᠢᠰᠯᠠᠮ ᠤᠨ ᠱᠠᠰᠢᠨ ᠤ ᠪᠤᠰᠤᠳ ᠰᠦᠰᠦᠭᠲᠡᠳ ᠲᠡᠭᠦᠨ ᠢ ᠮᠤᠯᠠᠶᠢᠳᠠᠬᠠ ᠲᠡᠷᠰ ᠨᠣᠮᠲᠠᠨ ᠭᠡᠳᠡᠭ ᠢ ᠡᠵᠡᠯᠡᠪᠡ ᠃ 1258 ᠣᠨ ᠳᠤ ᠪᠠᠭᠳᠠᠳ᠋ ᠢ ᠡᠵᠡᠯᠡᠨ ᠠᠪᠴᠤ ᠤᠯᠤᠰ ᠤᠨ ᠬᠠᠯᠢᠹᠠ ᠶᠢ ᠨᠢ ᠪᠠᠷᠢᠵᠤ ᠠᠯᠠᠭᠠᠳ ᠬᠠᠷ᠎ᠠ ᠳᠡᠪᠡᠯᠲᠦ ᠲᠠᠽᠢᠺ ᠠᠷᠠᠪ ᠬᠠᠭᠠᠨᠲᠤ ᠤᠯᠤᠰ ᠤᠨ ᠠᠪᠡᠰ ᠸᠠᠩᠲᠤ ᠲᠦᠷᠥ ᠶᠢ ᠮᠦᠬᠦᠭᠡᠪᠡ ᠃ 1259 ᠣᠨ ᠳᠤ ᠦᠯᠡᠬᠦ ᠭᠤᠷᠪᠠᠨ ᠵᠠᠮ ᠢᠶᠠᠷ ᠰᠢᠷᠢᠶ᠎ᠠ ᠨᠤᠲᠤᠭ ᠲᠤ ᠴᠦᠮᠦᠷᠢᠨ ᠣᠷᠣᠪᠠ ᠃ ᠳᠠᠷᠠᠭ᠎ᠠ ᠵᠢᠯ ᠦᠨ ᠬᠠᠪᠤᠷ ᠮᠦᠩᠭᠡ ᠬᠠᠭᠠᠨ ᠰᠧᠴᠤᠸᠠᠨ ᠳᠤ ᠬᠠᠯᠢᠭᠰᠠᠨ ᠮᠡᠳᠡᠭᠡ ᠶᠢ ᠣᠯᠣᠭᠠᠳ ᠬᠤᠰᠢᠭᠤᠴᠢ ᠵᠠᠩᠵᠤᠨ ᠭᠡᠳᠡᠶᠢᠪᠤᠬᠠ ᠶᠢ ᠦᠯᠡᠳᠡᠭᠡᠨ ᠦᠷᠭᠦᠯᠵᠢᠯᠡᠨ ᠳᠠᠶᠢᠯᠠᠭᠤᠯᠵᠤ ᠥᠪᠡᠷ ᠢᠶᠡᠨ ᠪᠤᠰᠤᠳ ᠴᠡᠷᠢᠭ ᠢᠶᠡᠨ ᠠᠪᠴᠤ ᠫᠧᠷᠰ ᠲᠦ ᠪᠤᠴᠠᠵᠤ ᠢᠷᠡᠪᠡ ᠃ 9 ᠳ᠋ᠤᠭᠡᠷ ᠰᠠᠷ᠎ᠠ ᠳᠤ ᠭᠡᠳᠡᠶᠢᠪᠤᠬᠠ ᠶᠢᠨ ᠴᠡᠷᠢᠭ ᠠᠶᠢᠨᠵᠠᠷᠤᠤᠨ ᠬᠡᠮᠡᠬᠦ ᠭᠠᠵᠠᠷ ᠮᠢᠱᠢᠷ ᠶᠧᠵᠢᠫᠡᠲ ᠦᠨ ᠰᠥᠯᠳᠡᠨ ᠬᠣᠲ᠋ᠦ᠋ᠰ ᠤᠨ ᠴᠡᠷᠢᠭ ᠲᠦ ᠪᠣᠲᠠ ᠴᠣᠬᠢᠭᠳᠠᠭᠠᠳ ᠮᠣᠩᠭᠣᠯ ᠤᠨ ᠡᠵᠡᠯᠡᠭᠰᠡᠨ ᠰᠢᠷᠢᠶ᠎ᠠ ᠶᠢᠨ ᠣᠯᠠᠨ ᠬᠣᠲᠠ ᠶᠢ ᠠᠯᠳᠠᠪᠠ ᠃
ᠬᠤᠪᠢᠯᠠᠢ ᠬᠠᠭᠠᠨ ᠰᠠᠭᠤᠭᠰᠠᠨ ᠤ ᠰᠡᠭᠦᠯᠡᠷ ᠵᠠᠷᠯᠢᠭ ᠪᠠᠭᠤᠯᠭᠠᠨ ᠠᠮᠦ᠋ ᠮᠦᠷᠡᠨ ᠡᠴᠡ ᠪᠠᠷᠠᠭᠤᠨᠰᠢ ᠮᠢᠱᠢᠷ ᠦᠨ ᠬᠢᠯᠢ ᠬᠦᠷᠲᠡᠯᠡᠬᠢ ᠫᠧᠷᠰ ᠦᠨ ᠨᠤᠲᠤᠭ ᠪᠣᠯᠣᠨ ᠲᠤᠰ ᠭᠠᠵᠠᠷ ᠨᠤᠲᠤᠭ ᠲᠤ ᠪᠠᠶᠢᠭ᠎ᠠ ᠮᠣᠩᠭᠣᠯ ᠂ ᠲᠠᠽᠢᠺ ᠴᠡᠷᠢᠭ ᠠᠷᠠᠳ ᠢ ᠦᠯᠡᠬᠦ ᠳᠦ ᠦᠭᠴᠦ ᠵᠠᠬᠢᠷᠤᠭᠤᠯᠪᠠ ᠃ ᠢᠩᠭᠢᠭᠡᠳ ᠣᠣᠯ ᠤᠨ ᠶᠡᠬᠡ ᠬᠠᠭᠠᠨ ᠤ ᠰᠢᠭᠤᠳ ᠡᠵᠡᠮᠰᠢᠯ ᠳᠦ ᠪᠠᠶᠢᠭᠰᠠᠨ ᠫᠧᠷᠰ ᠣᠷᠣᠨ ᠨᠢ ᠬᠡᠷᠡᠭ ᠳᠡᠭᠡᠷ᠎ᠡ ᠪᠡᠨ ᠦᠯᠡᠬᠦ ᠶᠢᠨ ᠡᠵᠡᠮᠰᠢᠯ ᠦᠨ ᠭᠠᠵᠠᠷ ᠪᠣᠯᠣᠭᠰᠠᠨ ᠤ ᠤᠯᠠᠮ ᠢᠶᠠᠷ ᠪᠠᠰᠠ ᠨᠢᠭᠡᠨ ᠬᠠᠭᠠᠨᠲᠤ ᠤᠯᠤᠰ ᠪᠠᠶᠢᠭᠤᠯᠤᠭᠳᠠᠭᠰᠠᠨ ᠶᠠᠪᠤᠳᠠᠯ ᠪᠣᠯᠣᠨ᠎ᠠ ᠃ ᠲᠡᠭᠦᠨ ᠦ ᠨᠤᠲᠤᠭ ᠳᠡᠪᠢᠰᠭᠡᠷ ᠨᠢ ᠵᠡᠭᠦᠨᠰᠢ ᠠᠮᠦ᠋ ᠮᠦᠷᠡᠨ ᠪᠣᠯᠣᠨ ᠢᠨᠳᠢ ᠮᠦᠷᠡᠨ ᠂ ᠪᠠᠷᠠᠭᠤᠨᠰᠢ ᠪᠠᠭ᠎ᠠ ᠠᠽᠢᠶ᠎ᠠ ᠶᠢᠨ ᠶᠡᠬᠡᠩᠭᠢ ᠬᠡᠰᠡᠭ ᠭᠠᠵᠠᠷ ᠣᠷᠣᠨ ᠢ ᠪᠠᠭᠲᠠᠭᠠᠵᠤ ᠡᠮᠦᠨᠡᠰᠢ ᠫᠧᠷᠰ ᠦᠨ ᠪᠣᠯᠤᠩ ᠂ ᠤᠮᠠᠷᠠᠰᠢ ᠺᠠᠤᠺᠠᠽ ᠨᠢᠷᠤᠭᠤ ᠬᠦᠷᠳᠡᠭ ᠃
1265 ᠣᠨ ᠳᠤ ᠦᠯᠡᠬᠦ ᠨᠠᠰᠤ ᠨᠦᠭᠴᠢᠵᠦ ᠣᠯᠠᠨ ᠨᠣᠶᠠᠳ ᠰᠠᠶᠢᠳ ᠲᠦᠰᠢᠮᠡᠳ ᠠᠪᠠᠬ᠎ᠠ ᠶᠢ ᠡᠷᠭᠦᠵᠦ ᠬᠠᠨ ᠰᠠᠭᠤᠷᠢᠨ ᠢ ᠵᠠᠯᠭᠠᠮᠵᠢᠯᠠᠭᠤᠯᠪᠠ ᠃ 1282 ᠣᠨ ᠳᠤ ᠠᠪᠠᠬ᠎ᠠ ᠬᠠᠨ ᠨᠦᠭᠴᠢᠵᠦ ᠂ ᠲᠡᠭᠦᠨ ᠦ ᠳᠡᠭᠦᠦ ᠳᠡᠭᠦᠳᠡᠷ ᠨᠦᠭᠦᠭᠡ ᠨᠡᠷ᠎ᠡ ᠨᠢ ᠠᠾᠠᠮᠠ ᠬᠠᠨ ᠰᠠᠭᠤᠷᠢᠨ ᠢ ᠵᠠᠯᠭᠠᠮᠵᠢᠯᠠᠪᠠ ᠃ 1284 ᠣᠨ ᠳᠤ ᠠᠪᠠᠬ᠎ᠠ ᠶᠢᠨ ᠬᠦᠪᠡᠭᠦᠨ ᠠᠷᠭᠣᠨ ᠬᠠᠨ ᠰᠠᠭᠤᠷᠢᠨ ᠢ ᠪᠤᠯᠢᠶᠠᠨ ᠡᠵᠡᠯᠡᠪᠡ ᠃ 1291 ᠣᠨ ᠳᠤ ᠠᠷᠭᠣᠨ ᠨᠦᠭᠴᠢᠵᠦ ᠂ ᠲᠡᠭᠦᠨ ᠦ ᠳᠡᠭᠦᠦ ᠭᠠᠶᠢᠬᠠᠲᠣ ᠨᠦᠭᠦᠭᠡ ᠨᠡᠷ᠎ᠡ ᠨᠢ ᠢᠨᠷᠢᠨᠴᠢᠨᠳᠣᠷᠵᠢ ᠰᠠᠭᠤᠷᠢᠨ ᠢ ᠵᠠᠯᠭᠠᠮᠵᠢᠯᠠᠪᠠ ᠃ ᠬᠠᠰᠠᠨ ᠬᠠᠨ ᠰᠠᠭᠤᠷᠢᠨ ᠢ ᠵᠠᠯᠭᠠᠮᠵᠢᠯᠠᠭᠰᠠᠨ ᠤ ᠳᠠᠷᠠᠭ᠎ᠠ ᠮᠢᠱᠢᠷ ᠦᠨ ᠮᠠᠯᠤᠯᠣᠺ ᠸᠠᠩᠲᠤ ᠲᠦᠷᠥ ᠲᠠᠢ ᠰᠢᠷᠢᠶ᠎ᠠ ᠶᠢ ᠪᠤᠯᠢᠶᠠᠯᠳᠤᠨ ᠣᠯᠠᠨᠲᠠ ᠳᠡᠶᠢᠳᠤᠪᠠ ᠃ ᠴᠠᠭᠠᠳᠠᠢ ᠬᠠᠭᠠᠨᠲᠤ ᠤᠯᠤᠰ ᠤᠨ ᠲᠣᠸᠠ ᠡᠨᠡᠬᠥ ᠵᠠᠪᠰᠢᠶᠠᠨ ᠢ ᠳᠠᠯᠢᠮᠳᠠᠭᠤᠯᠤᠨ ᠢᠯ ᠬᠠᠭᠠᠨᠲᠤ ᠤᠯᠤᠰ ᠤᠨ ᠵᠡᠭᠦᠨ ᠬᠡᠰᠡᠭ ᠦᠨ ᠲᠦᠺᠡᠷᠣ᠋ ᠣᠳᠣ ᠶᠢᠨ ᠠᠹᠭᠠᠨᠢᠰᠲ᠋ᠠᠨ ᠤ ᠵᠡᠭᠦᠨ ᠬᠣᠶᠢᠲᠤ ᠬᠡᠰᠡᠭ ᠣᠷᠣᠨ ᠢ ᠡᠵᠡᠯᠡᠪᠡ ᠃ 1304 ᠣᠨ ᠳᠤ ᠬᠠᠰᠠᠨ ᠨᠦᠭᠴᠢᠵᠦ ᠂ ᠲᠡᠭᠦᠨ ᠦ ᠳᠡᠭᠦᠦ ᠬᠠᠷᠪᠠᠨᠳᠠ ᠰᠠᠭᠤᠷᠢᠨ ᠢ ᠵᠠᠯᠭᠠᠮᠵᠢᠯᠠᠵᠤ ᠂ ᠦᠯᠵᠡᠶᠢᠲᠦ ᠬᠠᠨ ᠬᠡᠮᠡᠭᠡᠳ ᠰᠢᠨ᠎ᠡ ᠪᠡᠷ ᠪᠠᠶᠢᠭᠤᠯᠤᠭᠰᠠᠨ ᠰᠦᠨᠳᠠᠨᠢᠶᠠ ᠣᠳᠣ ᠶᠢᠨ ᠠᠽᠢᠷᠪᠠᠶᠢᠵᠠᠨ ᠦ ᠰᠣᠯᠳᠠᠨᠢᠶᠧ ᠳᠤ ᠨᠡᠶᠢᠰᠯᠡᠯ ᠢᠶᠡᠨ ᠰᠢᠯᠵᠢᠭᠦᠯᠪᠡ ᠃ 1316 ᠣᠨ ᠳᠤ ᠬᠠᠷᠪᠠᠨᠳᠠ ᠨᠥᠭᠴᠢᠵᠦ ᠲᠡᠭᠦᠨ ᠦ ᠬᠦᠪᠡᠭᠦᠨ ᠪᠤᠰᠠᠶᠢᠶ᠋ᠢᠨ ᠰᠠᠭᠤᠷᠢᠨ ᠢ ᠵᠠᠯᠭᠠᠮᠵᠢᠯᠠᠵᠤ ᠲᠠᠪᠷᠢᠽ ᠳᠤ ᠨᠡᠶᠢᠰᠯᠡᠪᠡ ᠃
1335 ᠣᠨ ᠳᠤ ᠪᠤᠰᠠᠶᠢᠶ᠋ᠢᠨ ᠨᠥᠭᠴᠢᠭᠰᠡᠨ ᠦ ᠬᠣᠶᠢᠨᠠ ᠢᠯ ᠬᠠᠭᠠᠨᠲᠤ ᠤᠯᠤᠰ ᠥᠳᠳᠡᠷ ᠲᠥᠷᠭᠡᠨ ᠬᠠᠭᠠᠴᠠᠨ ᠵᠠᠳᠠᠷᠠᠵᠤ ᠡᠷᠬᠡᠲᠦ ᠰᠠᠶᠢᠳ ᠂ ᠴᠡᠷᠢᠭ ᠦᠨ ᠨᠣᠶᠠᠳ ᠲᠤᠰ ᠲᠤᠰ ᠤᠨ ᠮᠠᠨᠤᠤᠯ ᠬᠠᠭᠠᠨ ᠢ ᠡᠷᠭᠦᠨ ᠪᠠᠶᠢᠭᠤᠯᠵᠤ ᠬᠠᠷᠢᠯᠴᠠᠨ ᠬᠦᠨᠦᠭᠡᠯᠳᠦᠨ ᠲᠡᠮᠡᠴᠡᠯᠳᠦᠪᠡ ᠃ 1355 ᠣᠨ ᠳᠤ ᠬᠢᠪᠴᠠᠭ ᠬᠠᠭᠠᠨᠲᠤ ᠤᠯᠤᠰ ᠤᠨ ᠵᠠᠨᠢᠪᠡᠭ ᠵᠠᠨᠢᠪᠠᠭ ᠬᠠᠭᠠᠨ ᠲᠠᠪᠷᠢᠽ ᠳᠤ ᠳᠦᠷᠢᠨ ᠣᠷᠣᠭᠠᠳ ᠵᠠᠰᠠᠭ ᠲᠦᠷᠥ ᠶᠢ ᠡᠷᠬᠡᠰᠢᠶᠡᠭᠰᠡᠨ ᠴᠥᠪᠠᠨ ᠤ ᠬᠣᠶᠢᠴᠢᠰ ᠢ ᠠᠯᠠᠭᠰᠠᠨ ᠪᠠ ᠢᠯ ᠬᠠᠨ ᠨᠣᠰᠢᠷᠪᠠᠨ ᠬᠠᠮᠢᠭᠠᠰᠢ ᠪᠠᠨ ᠪᠣᠯᠤᠭᠰᠠᠨ ᠢ ᠮᠡᠳᠡᠭᠰᠡᠨ ᠦᠭᠡᠢ ᠃ ᠪᠠᠨᠳᠠᠳ᠋ ᠢ ᠡᠵᠡᠯᠡᠨ ᠰᠠᠭᠤᠭᠰᠠᠨ ᠮᠣᠩᠭᠣᠯ ᠢᠵᠠᠭᠤᠷᠲᠠᠨ ᠬᠠᠰᠠᠨ ᠵᠠᠯᠠᠶᠢᠷ ᠣᠪᠣᠭ ᠤᠨ ᠬᠦᠮᠦᠨ 1340 ᠣᠨ ᠳᠤ ᠥᠪᠡᠷ ᠢ ᠪᠡᠨ ᠬᠠᠨ ᠡᠷᠭᠦᠮᠵᠢᠯᠡᠪᠡ ᠃ 1348 ᠣᠨ ᠳᠤ ᠲᠡᠭᠦᠨ ᠦ ᠬᠥᠪᠡᠭᠦᠨ ᠤᠸᠠᠰ ᠬᠠᠨ ᠠᠽᠧᠷᠪᠠᠶᠢᠵᠠᠨ ᠵᠡᠷᠭᠡ ᠮᠤᠵᠢ ᠶᠢ ᠨᠡᠶᠢᠯᠡᠭᠦᠯᠦᠨ ᠠᠪᠤᠭᠠᠳ ᠲᠠᠪᠷᠢᠽ ᠳᠤ ᠰᠢᠯᠵᠢᠵᠦ ᠨᠡᠶᠢᠰᠯᠡᠪᠡ ᠃ ᠡᠭᠦᠨ ᠢ ᠲᠡᠦᠭᠡᠨᠡ ᠵᠠᠯᠠᠶᠢᠷ ᠤᠨ ᠲᠦᠷᠥ ᠭᠡᠳᠡᠭ ᠃ 14 ᠳ᠋ᠤᠭᠡᠷ ᠵᠠᠭᠤᠨ ᠤ ᠡᠴᠦᠰ ᠲᠦ ᠲᠡᠮᠦᠷ ᠬᠠᠭᠠᠨᠲᠤ ᠤᠯᠤᠰ ᠲᠤ ᠮᠦᠬᠦᠭᠡᠭᠳᠡᠪᠡ ᠃