ᠵᠤᠬᠢᠶᠠᠭᠴᠢ:
ᠴᠠᠭ:2018-12-26
ᠥᠵᠡᠭᠰᠡᠨ : ℃
ᠢᠷᠡᠯᠲᠡ:
ᠴᠠᠭᠠᠳᠠᠢ ᠬᠠᠭᠠᠨᠲᠤ ᠤᠯᠤᠰ
ᠴᠠᠭᠠᠳᠠᠢ ᠬᠠᠭᠠᠨᠲᠤ ᠤᠯᠤᠰ ᠪᠣᠯ ᠶᠤᠸᠠᠨ ᠤᠯᠤᠰ ᠤᠨ ᠬᠠᠷᠢᠶᠠᠲᠤ ᠤᠯᠤᠰ ᠪᠣᠯᠣᠨ᠎ᠠ ᠃ ᠳᠤᠮᠳᠠᠳᠤ ᠠᠽᠢᠶ᠎ᠠ ᠣᠷᠣᠨ ᠢ ᠨᠣᠶᠠᠷᠬᠠᠵᠤ ᠪᠠᠶᠢᠭᠰᠠᠨ ᠮᠣᠩᠭᠣᠯ ᠬᠠᠭᠠᠨᠲᠤ ᠤᠯᠤᠰ ᠮᠦᠨ ᠃ ᠴᠢᠩᠭᠢᠰ ᠬᠠᠭᠠᠨ ᠤ ᠬᠣᠶᠠᠳᠤᠭᠠᠷ ᠬᠦᠪᠡᠭᠦᠨ ᠴᠠᠭᠠᠳᠠᠢ ᠪᠠᠶᠢᠭᠤᠯᠤᠭᠰᠠᠨ ᠶᠤᠮ ᠃ ᠲᠡᠭᠦᠨ ᠦ ᠨᠤᠲᠤᠭ ᠳᠡᠪᠢᠰᠭᠡᠷ ᠨᠢ ᠬᠠᠮᠤᠭ ᠤᠨ ᠮᠠᠨᠳᠤᠯ ᠤᠨ ᠥᠶ᠎ᠡ ᠳᠦ ᠪᠡᠨ ᠵᠡᠭᠦᠨᠰᠢ ᠪᠡᠨ ᠲᠥᠷᠫᠠᠨ ᠂ ᠯᠣᠪ ᠨᠠᠭᠤᠷ ᠂ ᠪᠠᠷᠠᠭᠤᠨᠰᠢ ᠪᠠᠨ ᠠᠮᠤᠳᠠᠷᠢᠶᠠ ᠂ ᠬᠣᠶᠢᠰᠢ ᠪᠠᠨ ᠳᠠᠷᠪᠠᠭᠠᠲᠠᠢ ᠂ ᠡᠮᠦᠨᠡᠰᠢ ᠪᠡᠨ ᠢᠨᠳᠦᠺᠦᠱ ᠨᠢᠷᠤᠭᠤ ᠬᠦᠷᠴᠦ ᠪᠠᠶᠢᠪᠠ ᠃
ᠴᠢᠩᠭᠢᠰ ᠬᠠᠭᠠᠨ ᠬᠦᠪᠡᠭᠦᠳ ᠲᠦ ᠪᠡᠨ ᠭᠠᠵᠠᠷ ᠨᠤᠲᠤᠭ ᠢᠶᠠᠨ ᠬᠤᠪᠢᠶᠠᠬᠤ ᠳᠤ ᠴᠠᠭᠠᠳᠠᠢ ᠣᠶᠢᠭᠤᠷ ᠤᠨ ᠨᠤᠲᠤᠭ ᠠᠴᠠ ᠾᠧᠵᠦ᠋ᠩ ᠦᠨ ᠲᠠᠯ᠎ᠠ ᠬᠦᠷᠲᠡᠯᠡᠬᠢ ᠭᠠᠵᠠᠷ ᠣᠷᠣᠨ ᠢ ᠣᠯᠪᠠ ᠃ ᠴᠠᠭᠠᠳᠠᠢ ᠨᠠᠰᠤ ᠪᠠᠷᠠᠭᠰᠠᠨ ᠠᠴᠠ ᠰᠡᠭᠦᠯᠡᠷ ᠲᠡᠭᠦᠨ ᠦ ᠬᠣᠶᠠᠳᠤᠭᠠᠷ ᠬᠦᠪᠡᠭᠦᠨ ᠮᠤᠭᠠᠲᠤᠭᠠᠨ ᠤ ᠬᠦᠪᠡᠭᠦᠨ ᠬᠠᠷ᠎ᠠ ᠦᠯᠡᠬᠦ ᠂ ᠴᠠᠭᠠᠳᠠᠢ ᠶᠢᠨ ᠲᠠᠪᠤᠳᠤᠭᠠᠷ ᠬᠦᠪᠡᠭᠦᠨ ᠶᠢᠰᠦᠮᠦ᠋ᠩᠭᠡ ᠂ ᠴᠠᠭᠠᠳᠠᠢ ᠶᠢᠨ ᠣᠮᠪᠣᠯᠣ ᠠᠯᠠᠭᠣ ᠂ ᠮᠤᠪᠠᠷᠠᠭ ᠱᠠᠭ ᠂ ᠮᠤᠭᠠᠲᠤᠭᠠᠨ ᠤ ᠣᠮᠪᠣᠯᠣ ᠪᠡᠯᠡ ᠂ ᠪᠡᠯᠡ ᠶᠢᠨ ᠬᠦᠪᠡᠭᠦᠨ ᠲᠣᠸᠠ ᠂ ᠲᠣᠸᠠ ᠶᠢᠨ ᠬᠦᠪᠡᠭᠦᠨ ᠭᠣᠨᠴᠤᠭ ᠂ ᠮᠤᠭᠠᠲᠤᠭᠠᠨ ᠤ ᠣᠮᠪᠣᠯᠣ ᠲᠠᠯᠢᠭᠤ ᠂ ᠡᠰᠡᠨᠪᠤᠬ᠎ᠠ ᠂ ᠲᠣᠸᠠ ᠶᠢᠨ ᠬᠦᠪᠡᠭᠦᠨ ᠭᠡᠪᠡᠢ ᠂ ᠬᠡᠪᠡᠢ ᠶᠢᠨ ᠳᠡᠭᠦᠦ ᠲᠠᠷᠮᠠᠰᠢᠷᠢ ᠂ ᠳᠦᠷᠦᠭᠡᠲᠡᠮᠦᠷ ᠦᠨ ᠬᠦᠪᠡᠭᠦᠨ ᠪᠦᠰᠡᠨ ᠂ ᠲᠣᠸᠠ ᠶᠢᠨ ᠣᠮᠪᠣᠯᠣ ᠵᠢᠩᠭᠡᠴᠢ ᠂ ᠵᠢᠩᠭᠡᠴᠢ ᠶᠢᠨ ᠳᠡᠭᠦᠦ ᠶᠢᠰᠦᠨᠲᠡᠮᠦᠷ ᠂ ᠥᠭᠡᠳᠡᠢ ᠶᠢᠨ ᠬᠣᠶᠢᠴᠢᠰ ᠠᠯᠢ ᠰᠣᠯᠳᠠᠨ ᠂ ᠭᠣᠨᠴᠤᠭ ᠤᠨ ᠣᠮᠪᠤᠯᠤ ᠮᠠᠾᠠᠮᠠᠳ ᠂ ᠴᠠᠭᠠᠳᠠᠢ ᠶᠢᠨ ᠬᠣᠶᠢᠴᠢᠰ ᠶᠠᠰᠠᠭᠤᠷ ᠤᠨ ᠬᠦᠪᠡᠭᠦᠨ ᠬᠠᠰᠠᠨ ᠵᠡᠷᠭᠡ ᠬᠦᠮᠦᠰ ᠬᠠᠨ ᠰᠠᠭᠤᠷᠢᠨ ᠢ ᠡᠵᠡᠯᠡᠵᠦ ᠦᠩᠭᠡᠷᠡᠪᠡ ᠃
1346 ᠣᠨ ᠳᠤ ᠬᠠᠰᠠᠨ ᠶᠡᠬᠡ ᠰᠠᠶᠢᠳ ᠬᠠᠳᠢᠬᠠᠨ ᠯᠤᠭ᠎ᠠ ᠶᠢᠨ ᠳᠠᠶᠢᠨ ᠳᠤ ᠠᠯᠠᠭᠳᠠᠭᠰᠠᠨ ᠠᠴᠠ ᠬᠣᠶᠢᠰᠢ ᠴᠠᠭᠠᠳᠠᠢ ᠬᠠᠭᠠᠨᠲᠤ ᠤᠯᠤᠰ ᠤᠨ ᠵᠠᠯᠭᠠᠮᠵᠢᠯᠠᠭᠰᠠᠳ ᠨᠢ ᠮᠤᠵᠢ ᠶᠢᠨ ᠡᠵᠡᠳ ᠦᠨ ᠳᠠᠭᠠᠯᠲᠠ ᠪᠣᠯᠵᠤ ᠂ ᠡᠯ᠎ᠡ ᠪᠦᠯᠦᠭ ᠦᠨ ᠬᠢᠨ ᠬᠠᠷᠢᠯᠴᠠᠨ ᠦᠷᠢᠰᠦᠯᠳᠦᠨ ᠮᠠᠨᠤᠤᠯ ᠬᠠᠭᠠᠨ ᠡᠷᠭᠦᠮᠵᠢᠯᠡᠨ ᠴᠠᠭᠠᠳᠠᠢ ᠬᠠᠭᠠᠨᠲᠤ ᠤᠯᠤᠰ ᠢ ᠬᠠᠭᠠᠴᠠᠯ ᠤᠨ ᠪᠠᠶᠢᠳᠠᠯ ᠳᠤ ᠣᠷᠣᠭᠤᠯᠪᠠ ᠃ ᠬᠠᠳᠢᠬᠠᠨ ᠂ ᠴᠠᠭᠠᠳᠠᠢ ᠬᠠᠭᠠᠨᠲᠤ ᠤᠯᠤᠰ ᠤᠨ ᠪᠠᠷᠠᠭᠤᠨ ᠬᠡᠰᠡᠭ ᠢ ᠡᠵᠡᠯᠡᠵᠦ ᠥᠭᠡᠳᠡᠢ ᠶᠢᠨ ᠬᠣᠶᠢᠴᠢᠰ ᠲᠠᠰᠢᠮᠠᠨ ᠢ ᠬᠠᠨ ᠡᠷᠭᠦᠮᠵᠢᠯᠡᠪᠡ ᠃ 1349 ᠣᠨ ᠳᠤ ᠲᠠᠰᠢᠮᠠᠨ ᠬᠠᠭᠠᠨ ᠢᠶᠠᠨ ᠠᠯᠠᠭᠠᠳ ᠲᠣᠸᠠ ᠶᠢᠨ ᠣᠮᠪᠤᠯᠤ ᠪᠠᠶᠠᠨᠬᠤᠷᠢ ᠶᠢ ᠬᠠᠨ ᠡᠷᠭᠦᠮᠵᠢᠯᠡᠵᠦ ᠂ ᠬᠠᠳᠢᠬᠠᠨ ᠦᠬᠦᠭᠰᠡᠨ ᠦ ᠦᠬᠦᠭᠰᠡᠨ ᠦ ᠰᠡᠭᠦᠯᠡᠷ ᠲᠡᠭᠦᠨ ᠦ ᠬᠦᠪᠡᠭᠦᠨ ᠠᠪᠲᠤᠯᠠ ᠂ ᠪᠠᠶᠠᠨᠬᠤᠷᠢ ᠬᠠᠨ ᠢᠶᠠᠨ ᠬᠣᠷᠤᠭᠠᠵᠤ ᠶᠢᠰᠦᠨᠲᠡᠮᠦᠷ ᠦᠨ ᠬᠦᠪᠡᠭᠦᠨ ᠲᠡᠮᠦᠷᠱᠠ ᠶᠢ ᠬᠠᠨ ᠡᠷᠭᠦᠮᠵᠢᠯᠡᠪᠡ ᠃
ᠰᠢᠨᠵᠢᠶᠠᠩ ᠤᠨ ᠡᠮᠦᠨᠡᠲᠦ ᠬᠡᠰᠡᠭ ᠢ ᠵᠠᠬᠢᠷᠴᠤ ᠪᠠᠶᠢᠭᠰᠠᠨ ᠲᠣᠬᠣᠯᠠᠰ ᠠᠶᠢᠮᠠᠭ ᠤᠨ ᠢᠵᠠᠭᠤᠷᠲᠠᠨ ᠪᠣᠷᠬᠢ ᠂ ᠲᠤᠭᠤᠯᠭᠠᠨᠲᠡᠮᠦᠷ ᠪᠣᠯ ᠡᠰᠡᠨᠪᠤᠬ᠎ᠠ ᠶᠢᠨ ᠬᠦᠪᠡᠭᠦᠨ ᠮᠦᠨ ᠬᠡᠮᠡᠨ ᠨᠡᠶᠢᠲᠡᠯᠡᠵᠦ 1348 ᠣᠨ ᠳᠤ ᠲᠡᠭᠦᠨ ᠢ ᠬᠠᠨ ᠡᠷᠭᠦᠮᠵᠢᠯᠡᠪᠡ ᠃ 1360 ᠣᠨ ᠠᠴᠠ ᠰᠡᠭᠦᠯᠡᠷ ᠲᠤᠭᠤᠯᠭᠠᠨᠲᠡᠮᠦᠷ ᠬᠣᠶᠠᠷ ᠤᠳᠠᠭ᠎ᠠ ᠶᠡᠬᠡ ᠴᠡᠷᠢᠭ ᠳᠠᠶᠢᠴᠢᠯᠠᠨ ᠾᠧᠵᠦ᠋ᠩ ᠣᠷᠣᠨ ᠢ ᠳᠣᠪᠲᠣᠯᠣᠭᠰᠠᠨ ᠪᠦᠭᠡᠳ ᠬᠦᠪᠡᠭᠦᠨ ᠢᠯᠢᠶᠠᠰ ᠬᠠᠯᠵᠠ ᠪᠠᠨ ᠦᠯᠡᠳᠡᠭᠡᠨ ᠰᠠᠭᠤᠯᠭᠠᠵᠤ ᠵᠡᠭᠦᠨ ᠪᠠᠷᠠᠭᠤᠨ ᠴᠠᠭᠠᠳᠠᠢ ᠬᠠᠭᠠᠨᠲᠤ ᠤᠯᠤᠰ ᠤᠨ ᠲᠦᠷᠥ ᠶᠢ ᠨᠢᠭᠡᠳᠭᠡᠪᠡ ᠃ 1602 ᠣᠨ ᠳᠤ ᠲᠤᠭᠤᠯᠭᠠᠨᠲᠡᠮᠦᠷ ᠨᠠᠰᠤ ᠪᠠᠷᠠᠪᠠ ᠃ ᠡᠨᠡ ᠦᠶᠡᠰ ᠪᠠᠷᠠᠭᠤᠨ ᠬᠡᠰᠡᠭ ᠦᠨ ᠮᠤᠵᠢ ᠶᠢᠨ ᠨᠣᠶᠠᠨ ᠠᠪᠲᠤᠯᠠ ᠶᠢᠨ ᠠᠴᠢ ᠬᠦᠪᠡᠭᠦᠨ ᠮᠢᠯᠢᠭ ᠬᠤᠰᠠᠶᠢᠨ ᠬᠢᠭᠡᠳ ᠪᠠᠷᠤᠯᠠᠰ ᠠᠶᠢᠮᠠᠭ ᠤᠨ ᠢᠵᠠᠭᠤᠷᠲᠠᠨ ᠲᠡᠮᠦᠷ ᠂ ᠢᠯᠢᠶᠠᠰ ᠬᠠᠯᠵᠠ ᠶᠢᠨ ᠴᠡᠷᠢᠭ ᠢ ᠾᠧᠵᠦ᠋ᠩ ᠣᠷᠣᠨ ᠠᠴᠠ ᠦᠯᠳᠡᠨ ᠭᠠᠷᠭᠠᠭᠰᠠᠨ ᠪᠦᠭᠡᠳ ᠮᠠᠾᠠᠮᠠᠳ ᠤᠨ ᠬᠦᠪᠡᠭᠦᠨ ᠠᠳᠢᠯ ᠰᠥᠯᠳᠡᠨ ᠢ ᠬᠠᠭᠠᠨ ᠡᠷᠭᠦᠮᠵᠢᠯᠡᠪᠡ ᠃ ᠢᠩᠭᠢᠭᠡᠳ ᠲᠡᠮᠦᠷ ᠦᠨ ᠰᠦᠷ ᠬᠦᠴᠦᠨ ᠥᠳᠳᠡᠷ ᠪᠤᠵᠠᠭᠠᠶᠢᠷᠠᠵᠤ ᠂ ᠥᠪᠡᠷ ᠦᠨ ᠬᠣᠯᠪᠤᠭᠠᠲᠠᠨ ᠮᠢᠯᠢᠭ ᠬᠤᠰᠠᠶᠢᠨ ᠢ ᠪᠣᠲᠠ ᠴᠣᠬᠢᠵᠤ ᠥᠪᠡᠷ ᠢᠶᠡᠨ ᠰᠣᠯᠳᠠᠨ ᠪᠣᠯᠵᠤ ᠲᠠᠰᠤᠷᠠᠯᠲᠠ ᠦᠭᠡᠢ ᠭᠠᠳᠠᠭᠰᠢ ᠪᠠᠨ ᠥᠷᠭᠡᠳᠭᠡᠵᠦ ᠪᠠᠷᠠᠭᠤᠨ ᠴᠠᠭᠠᠳᠠᠢ ᠬᠠᠭᠠᠨᠲᠤ ᠤᠯᠤᠰ ᠤᠯᠠᠮ ᠢᠶᠠᠷ ᠲᠡᠮᠦᠷ ᠬᠠᠭᠠᠨᠲᠤ ᠤᠯᠤᠰ ᠪᠣᠯᠣᠨ ᠤᠯᠠᠷᠢᠪᠠ ᠃ ᠲᠤᠭᠤᠯᠭᠠᠨᠲᠡᠮᠦᠷ ᠤᠨ ᠬᠣᠶᠢᠴᠢᠰ ᠮᠦᠨ ᠯᠡ ᠵᠡᠭᠦᠨ ᠴᠠᠭᠠᠳᠠᠢ ᠬᠠᠭᠠᠨᠲᠤ ᠤᠯᠤᠰ ᠤᠨ ᠬᠠᠭᠠᠨ ᠤ ᠪᠠᠶᠢᠷᠢ ᠰᠠᠭᠤᠷᠢ ᠪᠠᠨ ᠪᠠᠲᠤᠯᠠᠵᠤ ᠂ ᠮᠢᠩ ᠤᠯᠤᠰ ᠤᠨ ᠡᠬᠢᠨ ᠦ ᠦᠶ᠎ᠡ ᠳᠦ ᠲᠡᠭᠦᠨ ᠦ ᠣᠮᠪᠤᠯᠤ ᠨᠢ ᠪᠢᠱᠢᠪᠠᠯᠢᠭ ᠲᠤ ᠰᠠᠭᠤᠵᠤ ᠪᠠᠶᠢᠪᠠ ᠃ 1418 ᠣᠨ ᠳᠤ ᠢᠰᠤᠷ ᠬᠠᠨ ᠪᠠᠷᠠᠭᠤᠨᠰᠢ ᠢᠯᠢᠪᠠᠯᠢᠭ ᠣᠳᠣ ᠶᠢᠨ ᠰᠢᠨᠵᠢᠶᠠᠩ ᠤᠨ ᠤᠭᠠᠯᠵᠠ ᠰᠢᠯᠵᠢᠵᠦ ᠣᠴᠢᠪᠠ ᠃ ᠮᠢᠩ ᠤᠯᠤᠰ ᠤᠨ ᠲᠡᠦᠭᠡᠨ ᠪᠢᠴᠢᠭ ᠲᠦ ᠲᠤᠰ ᠬᠣᠲᠠᠨ ᠤ ᠨᠡᠷ᠎ᠡ ᠪᠡᠷ ᠤᠯᠤᠰ ᠤᠨ ᠨᠡᠷᠡᠶᠢᠳᠦᠯ ᠪᠣᠯᠭᠠᠪᠠ ᠃