ᠵᠤᠬᠢᠶᠠᠭᠴᠢ: ᠴᠠᠭ:2018-12-14 ᠥᠵᠡᠭᠰᠡᠨ : ᠢᠷᠡᠯᠲᠡ:
ᠮᠣᠩᠭᠣᠯ ᠬᠦᠮᠦᠨ ᠦ ᠦᠨᠡᠨᠴᠢ ᠬᠠᠨᠢ  ᠬᠣᠲᠠᠴᠢ ᠨᠣᠬᠠᠢ

ᠡᠷᠲᠡ ᠢᠵᠠᠭᠤᠷ ᠤᠨ ᠬᠠᠳᠠᠨ ᠵᠢᠷᠤᠭ ᠤᠨ ᠰᠦᠷᠦᠭᠯᠡᠯ ᠂ ᠮᠣᠩᠭᠣᠯᠴᠤᠳ ᠤᠨ ᠶᠢᠰᠦᠨ ᠲᠡᠭᠷᠢ ᠶᠢᠨ ᠰᠢᠲᠦᠭᠡᠨ ᠂ ᠮᠣᠩᠭᠣᠯ ᠦᠨᠳᠦᠰᠦᠲᠡᠨ ᠦ ᠲᠡᠦᠭᠡᠨ ᠤᠷᠲᠤ ᠡᠪᠬᠡᠮᠡᠯ ᠵᠡᠷᠭᠡ ᠳᠦ ᠨᠢᠭᠡᠨ ᠲᠥᠷᠥᠯ ᠦᠨ ᠠᠮᠢᠲᠠᠨ ᠮᠣᠩᠭᠣᠯ ᠬᠦᠮᠦᠨ ᠦ ᠰᠡᠭᠦᠳᠡᠷ ᠰᠢᠭ ᠳᠠᠭᠠᠯᠳᠤᠨ ᠶᠠᠪᠤᠵᠤ ᠪᠠᠶᠢᠬᠤ ᠨᠢ ᠢᠯᠡᠷᠡᠳᠡᠭ ᠃ ᠲᠡᠷᠡ ᠪᠣᠯ ᠮᠣᠩᠭᠣᠯᠴᠤᠳ ᠤᠨ ᠠᠮᠢᠳᠤᠷᠠᠯ ᠤᠨ ᠲᠣᠳᠤᠨᠤ ᠬᠠᠨᠢ ᠬᠣᠲᠠᠴᠢ ᠨᠣᠬᠠᠢ ᠪᠣᠯᠣᠨ᠎ᠠ ᠃ ᠮᠣᠩᠭᠣᠯᠴᠤᠳ ᠲᠠᠪᠤᠨ ᠬᠤᠰᠢᠭᠤ ᠮᠠᠯ ᠢ ᠭᠠᠷᠰᠢᠭᠤᠯᠬᠤ ᠠᠴᠠ ᠬᠣᠯᠠ ᠡᠮᠦᠨ᠎ᠡ ᠨᠣᠬᠠᠢ ᠶᠢ ᠭᠠᠷᠰᠢᠭᠤᠯᠤᠨ ᠲᠡᠵᠢᠭᠡᠵᠦ ᠭᠡᠷ ᠦᠨ ᠲᠡᠵᠢᠭᠡᠪᠦᠷᠢ ᠪᠡᠨ ᠪᠤᠯᠭᠠᠭᠰᠠᠨ ᠪᠠᠶᠢᠵᠠᠢ ᠃

ᠨᠣᠬᠠᠢ ᠶᠢᠨ ᠡᠪᠦᠭᠡ ᠳᠡᠭᠡᠳᠦᠰ ᠨᠢ ᠴᠢᠨ᠋ᠸ᠎ᠠ ᠶᠢᠨ ᠲᠦᠷᠦᠯ ᠪᠣᠯᠬᠤ ᠬᠡᠭᠡᠷ᠎ᠡ ᠶᠢᠨ ᠨᠣᠬᠠᠢ ᠪᠠᠶᠢᠭᠰᠠᠨ ᠭᠡᠳᠡᠭ ᠢ ᠠᠮᠢᠳᠤ ᠪᠤᠳᠠᠰ ᠤᠨ ᠰᠣᠳᠣᠯᠭᠠᠲᠠᠳ ᠨᠢᠭᠡᠨᠲᠡ ᠰᠣᠳᠣᠯᠣᠨ ᠢᠯᠡᠷᠡᠭᠦᠯᠵᠠᠢ ᠃ ᠬᠠᠭᠤᠴᠢᠨ ᠴᠢᠯᠠᠭᠤᠨ ᠵᠡᠪᠰᠡᠭ ᠦᠨ ᠥᠶ᠎ᠡ ᠳᠦ ᠬᠦᠮᠦᠨ ᠴᠢᠨ᠋ᠸ᠎ᠠ ᠬᠣᠶᠠᠷ ᠴᠦᠮ ᠭᠠᠪᠰᠢᠭᠠᠢ ᠠᠩᠴᠢᠨ ᠪᠠᠶᠢᠭᠰᠠᠨ ᠪᠦᠭᠡᠳ ᠬᠠᠷᠢᠯᠴᠠᠨ ᠲᠦᠰᠢᠭᠯᠡᠬᠦ ᠪᠠᠶᠢᠭᠠᠯᠢ ᠶᠢᠨ ᠬᠠᠷᠢᠴᠠᠭ᠎ᠠ ᠲᠠᠢ ᠪᠠᠶᠢᠵᠠᠢ ᠃ ᠴᠢᠨ᠋ᠸ᠎ᠠ ᠬᠡᠳᠦᠶᠢᠪᠡᠷ ᠪᠡᠶ᠎ᠡ ᠪᠢᠯᠳᠠᠷ ᠢᠶᠠᠷ ᠪᠠᠭ᠎ᠠ ᠪᠠᠶᠢᠭᠰᠠᠨ ᠴᠦ ᠲᠡᠳᠡᠭᠡᠷ ᠬᠡᠳᠡᠷ ᠲᠣᠭᠰᠢᠨ ᠠᠮᠢᠲᠠᠨ ᠤᠷᠤᠭᠤ ᠵᠣᠬᠢᠶᠠᠨ ᠪᠠᠶᠢᠭᠤᠯᠤᠯᠲᠠ ᠲᠠᠢ ᠂ ᠵᠣᠷᠢᠯᠭ᠎ᠠ ᠲᠠᠢ ᠂ ᠪᠦᠯᠬᠦᠮᠳᠡᠯ ᠲᠠᠢ ᠳᠠᠭᠠᠷᠢᠯᠲᠠ ᠬᠢᠵᠦ ᠪᠠᠶᠢᠳᠠᠭ ᠵᠡᠷᠭᠡ ᠡᠴᠡ ᠨᠢ ᠠᠩᠴᠢᠳ ᠴᠢᠨ᠋ᠸ᠎ᠠ ᠠᠴᠠ ᠣᠯᠠᠨ ᠵᠦᠢᠯ ᠦᠨ ᠠᠩ ᠠᠩᠨᠠᠬᠤ ᠠᠷᠭ᠎ᠠ ᠰᠠᠮᠪᠠᠭ᠎ᠠ ᠶᠢ ᠣᠯᠵᠤ ᠰᠤᠷᠤᠭᠰᠠᠨ ᠲᠡᠳᠦᠢ ᠦᠭᠡᠢ ᠪᠠᠰᠠ ᠴᠢᠨ᠋ᠸ᠎ᠠ ᠶᠢᠨ ᠦᠨᠦᠷᠯᠡᠬᠦ ᠂ ᠮᠦᠷᠳᠡᠬᠦ ᠳᠦ ᠪᠡᠨ ᠮᠠᠰᠢ ᠴᠢᠳᠠᠮᠠᠭᠠᠢ ᠪᠠᠶᠢᠳᠠᠭ ᠢ ᠠᠵᠢᠵᠤ ᠮᠡᠳᠡᠭᠡᠳ ᠠᠩ ᠠᠩᠨᠠᠬᠤ ᠳᠤ ᠪᠠᠨ ᠲᠤᠰᠠᠯᠠᠭᠴᠢ ᠪᠠᠨ ᠪᠤᠯᠭᠠᠬᠤ ᠠᠷᠭ᠎ᠠ ᠵᠠᠮ ᠢ ᠬᠠᠶᠢᠵᠤ ᠡᠬᠢᠯᠡᠵᠡᠢ ᠃ ᠲᠡᠭᠡᠭᠡᠳ ᠬᠡᠭᠡᠷ᠎ᠡ ᠶᠢᠨ ᠨᠣᠬᠠᠢ ᠶᠢᠨ ᠪᠡᠯᠲᠡᠷᠭᠡ ᠶᠢ ᠳᠠᠰᠬᠠᠨ ᠲᠡᠵᠢᠭᠡᠬᠦ ᠣᠷᠣᠯᠳᠤᠯᠭ᠎ᠠ ᠬᠢᠭᠰᠡᠨ ᠨᠢ ᠬᠡᠭᠡᠷ᠎ᠡ ᠶᠢᠨ ᠠᠮᠢᠲᠠᠨ ᠢ ᠭᠠᠷᠰᠢᠭᠤᠯᠬᠤ ᠠᠵᠢᠯᠯᠠᠭ᠎ᠠ ᠶᠢᠨ ᠡᠬᠢᠯᠡᠯᠲᠡ ᠪᠣᠯᠪᠠ ᠃ ᠣᠯᠠᠨ ᠵᠠᠭᠤᠨ ᠵᠢᠯ ᠦᠨ ᠰᠠᠨᠠᠭᠠᠴᠢᠯᠠᠭ᠎ᠠ ᠲᠠᠢ ᠰᠤᠩᠭᠤᠯᠲᠠ ᠬᠢᠬᠦ ᠪᠠᠷ ᠳᠠᠮᠵᠢᠭᠠᠳ ᠶᠠᠭᠤᠨ ᠤ ᠤᠷᠢᠳ ᠠᠪᠠ ᠶᠢᠨ ᠨᠣᠬᠠᠢ ᠶᠢᠨ ᠡᠭᠦᠯᠳᠡᠷ ᠢ ᠪᠣᠶᠢᠵᠢᠭᠤᠯᠤᠨ ᠭᠠᠷᠭᠠᠵᠤ ᠂ ᠳᠠᠷᠠᠭ᠎ᠠ ᠨᠢ ᠬᠣᠨᠢ ᠢᠮᠠᠭ᠎ᠠ ᠶᠢ ᠭᠠᠷᠰᠢᠭᠤᠯᠬᠤ ᠶᠢ ᠳᠠᠭᠠᠯᠳᠤᠨ ᠬᠣᠨᠢᠴᠢ ᠨᠣᠬᠠᠢ ᠂ ᠬᠣᠲᠠᠴᠢ ᠨᠣᠬᠠᠢ ᠶᠢ ᠰᠤᠷᠭᠠᠨ ᠳᠠᠰᠬᠠᠭᠰᠠᠨ ᠪᠠᠶᠢᠨ᠎ᠠ ᠃

ᠨᠣᠬᠠᠢ ᠪᠣᠯ ᠬᠦᠮᠦᠨ ᠲᠦᠷᠦᠯᠬᠢᠲᠡᠨ ᠦ ᠦᠨᠡᠨᠴᠢ ᠰᠢᠳᠤᠷᠭᠤ ᠲᠣᠳᠤᠨᠤ ᠬᠠᠨᠢ ᠨᠢ ᠶᠤᠮ ᠃ ᠪᠠᠰᠠ ᠴᠦ ᠮᠣᠩᠭᠣᠯᠴᠤᠳ ᠤᠨ ᠤᠯᠠᠮᠵᠢᠯᠠᠯᠲᠤ ᠰᠣᠶᠣᠯ ᠢᠷᠭᠡᠨᠰᠢᠯ ᠳᠦ 《 ᠨᠣᠬᠠᠢ 》 ᠭᠡᠬᠦ ᠦᠭᠡ ᠪᠡᠷ ᠠᠨᠳᠠ ᠨᠠᠶᠢᠵᠠ ᠶᠢᠨ ᠨᠦᠬᠦᠷᠯᠡᠯ ᠂ ᠡᠵᠡᠳ ᠰᠠᠶᠢᠳ ᠤᠨ ᠴᠢᠩ ᠦᠨᠡᠨᠴᠢ ᠂ ᠥᠨᠢᠳᠡ ᠬᠤᠪᠢᠷᠠᠰᠢ ᠦᠭᠡᠢ ᠢᠲᠡᠭᠡᠯ ᠵᠣᠷᠢᠭ ᠤᠨ ᠪᠡᠯᠭᠡ ᠲᠡᠮᠲᠡᠭ ᠪᠤᠯᠭᠠᠳᠠᠭ ᠃ ᠵᠢᠱᠢᠶᠡᠯᠡᠪᠡᠯ ᠄ ᠴᠢᠩᠭᠢᠰ ᠬᠠᠭᠠᠨ ᠶᠡᠬᠡ ᠮᠣᠩᠭᠣᠯ ᠤᠯᠤᠰ ᠢ ᠪᠠᠶᠢᠭᠤᠯᠤᠭᠰᠠᠨ ᠤ ᠳᠠᠷᠠᠭ᠎ᠠ ᠤᠯᠤᠰ ᠪᠠᠶᠢᠭᠤᠯᠬᠤ ᠳᠤ ᠵᠢᠳᠭᠥᠯ ᠦᠵᠡᠭᠦᠯᠦᠭᠰᠡᠨ ᠭᠠᠪᠢᠶᠠᠲᠤ ᠠᠨᠳᠠ ᠵᠡᠪᠡ ᠂ ᠰᠦᠪᠡᠭᠡᠳᠡᠢ ᠂ ᠵᠡᠯᠮ᠎ᠡ ᠂ ᠬᠤᠪᠢᠯᠠᠢ ᠨᠠᠷ ᠢ ᠲᠥᠮᠡᠨ ᠦ ᠨᠣᠶᠠᠨ ᠂ ᠮᠢᠩᠭᠠᠨ ᠤ ᠨᠣᠶᠠᠨ ᠡᠷᠭᠦᠮᠵᠢᠯᠡᠵᠦ ᠂ 《 ᠳᠥᠷᠪᠡᠨ ᠨᠣᠬᠠᠢ 》 ᠬᠡᠮᠡᠨ ᠲᠣᠳᠣᠨᠣᠴᠢᠯᠠᠨ ᠳᠠᠭᠤᠳᠠᠭᠰᠠᠨ ᠪᠠᠶᠢᠨ᠎ᠠ ᠃ ᠤᠴᠢᠷ ᠨᠢ ᠲᠡᠳᠡ ᠳᠥᠷᠪᠡ ᠪᠣᠯ ᠴᠢᠩᠭᠢᠰ ᠬᠠᠭᠠᠨ ᠳᠤ ᠲᠤᠶᠢᠯ ᠤᠨ ᠥᠨᠡᠨᠴᠢ ᠰᠢᠳᠤᠷᠭᠤ ᠪᠠᠶᠢᠳᠠᠭ ᠮᠥᠷᠲᠡᠭᠡᠨ ᠬᠠᠨᠳᠤᠭᠰᠠᠨ ᠵᠦᠭ ᠲᠦ ᠪᠡᠨ ᠳᠠᠶᠢᠰᠤᠨ ᠦᠭᠡᠢ ᠡᠷᠡᠯᠬᠡᠭ ᠪᠠᠭᠠᠲᠤᠷᠯᠢᠭ ᠬᠦᠮᠦᠰ ᠂ ᠶᠡᠬᠡ ᠮᠣᠩᠭᠣᠯ ᠤᠨ ᠨᠢᠭᠡᠳᠦᠯ ᠳᠦ ᠪᠠᠯᠠᠷᠠᠰᠢ ᠦᠭᠡᠢ ᠭᠠᠪᠢᠶ᠎ᠠ ᠵᠢᠳᠭᠥᠯ ᠦᠵᠡᠭᠦᠯᠦᠭᠰᠡᠨ ᠵᠠᠩᠵᠤᠨ ᠨᠠᠷ ᠪᠣᠯᠣᠨ᠎ᠠ ᠃

ᠨᠣᠬᠠᠢ ᠪᠣᠯ ᠬᠠᠶᠢᠷ᠎ᠠ ᠬᠣᠷᠣᠰᠣᠯ ᠮᠠᠰᠢ ᠲᠣᠳᠣᠷᠬᠠᠢ ᠠᠮᠢᠲᠠᠨ ᠶᠤᠮ ᠂ ᠲᠡᠷᠡ ᠨᠢ ᠡᠵᠡᠨ ᠳᠦ ᠪᠡᠨ ᠡᠶᠡᠯᠳᠡᠭ ᠨᠣᠮᠣᠬᠠᠨ ᠂ ᠥᠨᠡᠨᠴᠢ ᠰᠢᠳᠤᠷᠭᠤ ᠪᠠᠶᠢᠳᠠᠭ ᠴᠦ ᠳᠠᠶᠢᠰᠤᠨ ᠡᠲᠡᠭᠡᠳ ᠲᠦ ᠲᠤᠶᠢᠯ ᠤᠨ ᠠᠷᠲᠠᠭ ᠲᠣᠭᠰᠢᠨ ᠬᠠᠨᠳᠤᠳᠠᠭ ᠃ ᠢᠯᠠᠩᠭᠤᠶ᠎ᠠ ᠡᠵᠡᠨ ᠪᠣᠯᠣᠨ ᠡᠳ᠋ ᠬᠥᠷᠥᠩᠭᠡ ᠪᠡᠨ ᠬᠠᠮᠠᠭᠠᠯᠠᠬᠤ ᠶᠢᠨ ᠲᠥᠯᠥᠭᠡ ᠠᠮᠢ ᠪᠡᠶ᠎ᠡ ᠪᠡᠨ ᠬᠠᠶᠢᠬᠤᠷᠤᠯ ᠦᠭᠡᠢ ᠲᠡᠮᠡᠴᠡᠳᠡᠭ ᠶᠤᠮ ᠃ ᠨᠣᠬᠠᠢ ᠬᠡᠵᠢᠶᠡᠳᠡ ᠡᠵᠡᠨ ᠡᠴᠡ ᠪᠡᠨ ᠳᠡᠷᠰᠯᠡᠳᠡᠭ ᠦᠭᠡᠢ ᠂ ᠡᠨᠡ ᠲᠤᠬᠠᠢ ᠡᠷᠲᠡᠨ ᠦ ᠨᠣᠮ ᠪᠢᠴᠢᠭ ᠲᠦ ᠄ 《 ᠨᠣᠬᠠᠢ ᠮᠡᠲᠦ ᠨᠦᠬᠦᠷ ᠢ ᠣᠯᠬᠤᠶ᠎ᠠ ᠪᠡᠷᠬᠡ ᠂ ᠨᠣᠬᠠᠢ ᠠᠨᠤ ᠦᠭᠡᠭᠦᠦ ᠬᠦᠮᠦᠨ ᠳ᠋ᠤᠷ ᠲᠡᠵᠢᠭᠡᠭᠳᠡᠪᠡᠰᠦ ᠪᠠᠶᠠᠨ ᠬᠦᠮᠦᠨ ᠢ ᠥᠯᠥ ᠳᠠᠭᠠᠮᠤᠢ ᠃ ᠬᠠᠷᠠᠴᠤ ᠬᠦᠮᠦᠨ ᠳ᠋ᠤᠷ ᠠᠰᠠᠷᠠᠭᠳᠠᠪᠠᠰᠤ ᠬᠠᠭᠠᠨ ᠬᠦᠮᠦᠨ ᠢ ᠥᠯᠥ ᠳᠠᠠᠭᠠᠮᠤᠢ 》 ᠭᠡᠵᠦ ᠲᠡᠮᠲᠡᠭᠯᠡᠭᠰᠡᠨ ᠪᠠᠶᠢᠳᠠᠭ ᠃

ᠤᠯᠠᠮᠵᠢᠯᠠᠯᠲᠤ ᠮᠣᠩᠭᠣᠯ ᠠᠮᠢᠳᠤᠷᠠᠯ ᠳᠤ ᠨᠣᠬᠠᠢ ᠶᠢ ᠬᠣᠶᠠᠷ ᠵᠦᠢᠯ ᠢᠶᠡᠷ ᠳᠠᠰᠬᠠᠨ ᠲᠡᠵᠢᠭᠡᠳᠡᠭ ᠃ ᠲᠡᠷᠡ ᠨᠢ ᠠᠪᠠ ᠶᠢᠨ ᠨᠣᠬᠠᠢ ᠪᠣᠯᠣᠨ ᠬᠣᠲᠠᠴᠢ ᠨᠣᠬᠠᠢ ᠪᠣᠯᠣᠨ᠎ᠠ ᠃ ᠠᠪᠠ ᠶᠢᠨ ᠨᠣᠬᠠᠢ ᠶᠢᠨ ᠴᠡᠭᠡᠵᠢ ᠨᠢ ᠥᠷᠭᠡᠨ ᠂ ᠬᠥᠯ ᠨᠢ ᠤᠷᠲᠤ ᠂ ᠲᠠᠪᠠᠭ ᠨᠢ ᠪᠠᠭ᠎ᠠ ᠂ ᠭᠦᠶᠦᠳᠡᠯ ᠰᠠᠶᠢᠲᠠᠢ ᠂ ᠬᠤᠷᠴᠠ ᠱᠠᠯᠠᠮᠠᠭᠠᠢ ᠳᠠᠭᠠᠷᠢᠯᠲᠠ ᠬᠢᠳᠡᠭ ᠃ ᠲᠠᠯ᠎ᠠ ᠨᠤᠲᠤᠭ ᠲᠤ ᠨᠢᠭᠡᠨ ᠰᠠᠶᠢᠨ ᠠᠪᠠ ᠶᠢᠨ ᠨᠣᠬᠠᠢ ᠲᠠᠢ ᠪᠠᠶᠢᠬᠤ ᠨᠢ ᠠᠩᠴᠢᠨ ᠬᠦᠮᠦᠨ ᠦ ᠣᠮᠣᠭᠰᠢᠯ ᠶᠤᠮ ᠃ ᠡᠶᠢᠮᠦ ᠡᠴᠡ 《 ᠰᠠᠶᠢᠨ ᠠᠪᠠ ᠶᠢᠨ ᠨᠣᠬᠠᠢ ᠶᠢ ᠡᠮᠡᠭᠡᠯ ᠬᠠᠵᠠᠭᠠᠷ ᠲᠠᠢ ᠮᠣᠷᠢ ᠪᠠᠷ ᠰᠣᠯᠢᠳᠠᠭ ᠦᠭᠡᠢ 》 ᠭᠡᠳᠡᠭ ᠃ ᠬᠣᠲᠠᠴᠢ ᠨᠣᠬᠠᠢ ᠶᠢᠨ ᠰᠣᠨᠣᠷ ᠰᠠᠶᠢᠨ ᠂ ᠰᠡᠷᠡᠮᠵᠢ ᠥᠨᠳᠥᠷ ᠂ ᠡᠩ ᠦᠨ ᠥᠶ᠎ᠡ ᠳᠦ ᠬᠣᠨᠢᠨ ᠰᠥᠷᠥᠭ ᠦᠨ ᠢᠶᠡᠨ ᠬᠠᠵᠠᠭᠤ ᠬᠠᠪᠢ ᠪᠠᠷ ᠪᠠᠶᠢᠵᠤ ᠂ ᠨᠡᠩ ᠴᠦ ᠴᠠᠰᠤ ᠰᠢᠭᠤᠷᠭᠠᠨ ᠲᠠᠢ ᠡᠪᠦᠯ ᠦᠨ ᠥᠳᠡᠰᠢ ᠪᠣᠯᠪᠠᠯ ᠳᠡᠭᠡᠳᠦ ᠬᠡᠮᠵᠢᠶᠡᠨ ᠦ ᠰᠣᠨᠣᠷ ᠰᠡᠷᠡᠮᠵᠢ ᠪᠡᠷ ᠬᠣᠨᠢᠨ ᠰᠥᠷᠥᠭ ᠢᠶᠡᠨ ᠰᠠᠬᠢᠨ ᠬᠠᠮᠠᠭᠠᠯᠠᠵᠤ ᠪᠠᠶᠢᠳᠠᠭ ᠃ ᠡᠶᠢᠮᠦ ᠡᠴᠡ ᠮᠣᠩᠭᠣᠯᠴᠤᠳ 《 ᠨᠣᠬᠠᠢ ᠰᠠᠶᠢᠲᠤ ᠶᠢᠨ ᠬᠣᠲᠠ ᠪᠠᠷᠳᠠᠮ 》 ᠭᠡᠵᠦ ᠬᠡᠯᠡᠯᠴᠡᠳᠡᠭ ᠃

ᠮᠣᠩᠭᠣᠯᠴᠤᠳ ᠨᠣᠬᠠᠢ ᠲᠡᠵᠢᠭᠡᠬᠦ ᠳᠦ ᠲᠥᠷᠥᠯ ᠵᠦᠢᠯ ᠪᠣᠯᠣᠨ ᠤᠳᠤᠮ ᠤᠭᠰᠠᠭ᠎ᠠ ᠶᠢ ᠨᠢ ᠮᠠᠰᠢ ᠠᠩᠬᠠᠷᠳᠠᠭ ᠃ ᠮᠠᠯᠴᠢᠳ ᠶᠡᠷᠦ ᠳᠦ ᠪᠡᠨ ᠬᠠᠷ᠎ᠠ ᠨᠣᠬᠠᠢ ᠲᠡᠵᠢᠭᠡᠬᠦ ᠳᠤᠷᠠᠲᠠᠢ ᠮᠥᠷᠲᠡᠭᠡᠨ 《 ᠳᠥᠷᠪᠡᠨ ᠨᠢᠳᠦ ᠲᠠᠢ ᠨᠣᠬᠠᠢ 》 ᠶᠢ ᠮᠠᠰᠢ ᠪᠠᠬᠠᠷᠬᠠᠳᠠᠭ ᠂ ᠲᠡᠳᠡᠨ ᠦ ᠦᠵᠡᠬᠦ ᠪᠡᠷ ᠡᠶᠢᠮᠦ ᠨᠣᠬᠠᠢ ᠶᠢᠨ ᠬᠠᠷᠠᠭᠠᠨ ᠰᠡᠷᠡᠯ ᠰᠠᠶᠢᠨ ᠂ ᠡᠵᠡᠨ ᠳᠦ ᠪᠡᠨ ᠦᠨᠡᠨᠴᠢ ᠂ ᠮᠠᠯ ᠳᠤ ᠡᠭᠡᠯᠢᠲᠡᠢ ᠭᠡᠵᠦ ᠦᠵᠡᠳᠡᠭ ᠃ ᠬᠠᠷᠢᠨ ᠴᠢᠨ᠋ᠸ᠎ᠠ ᠰᠢᠭ᠋ ᠣᠯᠢᠳᠠᠭ ᠨᠣᠬᠠᠢ ᠶᠢ ᠮᠠᠯ ᠰᠦᠷᠦᠭ ᠲᠦ ᠪᠡᠯᠭᠡ ᠳᠡᠮᠪᠡᠷᠢᠯ ᠦᠭᠡᠢ ᠬᠡᠮᠡᠨ ᠦᠵᠡᠵᠦ ᠲᠡᠵᠢᠭᠡᠬᠦ ᠶᠢ ᠮᠠᠰᠢ ᠴᠡᠭᠡᠷᠯᠡᠳᠡᠭ ᠃

ᠮᠣᠩᠭᠣᠯᠴᠤᠳ ᠠᠳᠤᠭᠤ ᠮᠠᠯ ᠢᠶᠠᠨ ᠥᠬᠥᠭᠡᠷᠳᠡᠨ ᠬᠠᠶᠢᠷᠠᠯᠠᠵᠤ ᠨᠡᠷᠡᠯᠡᠨ ᠳᠠᠭᠤᠳᠠᠳᠠᠭ ᠲᠠᠢ ᠪᠠᠨ ᠠᠳᠠᠯᠢ ᠨᠣᠬᠠᠢ ᠳᠤ ᠪᠠᠨ ᠴᠦ ᠪᠡᠯᠭᠡ ᠳᠡᠮᠪᠡᠷᠢᠯ ᠲᠠᠢ ᠰᠠᠶᠢᠬᠠᠨ ᠨᠡᠷ᠎ᠡ ᠥᠭᠳᠡᠭ ᠂ ᠵᠢᠱᠢᠶᠡᠯᠡᠪᠡᠯ  ᠠᠷᠰᠯᠠᠨ ᠂ ᠪᠥᠷᠭᠥᠳ ᠂  ᠬᠠᠷᠴᠠᠭᠠᠢ ᠂  ᠪᠠᠮᠪᠠᠷ  ᠭᠡᠬᠦ ᠮᠡᠲᠦ ᠃

ᠮᠣᠷᠢ ᠲᠠᠢ ᠬᠦᠮᠦᠨ ᠮᠠᠯᠴᠢᠨ ᠠᠶᠢᠯ ᠤᠨ ᠮᠣᠷᠢᠨ ᠦ ᠤᠶᠠᠭ᠎ᠠ ᠶᠢᠨ ᠳᠡᠷᠭᠡᠲᠡ ᠢᠷᠡᠭᠡᠳ ᠬᠠᠮᠤᠭ ᠦᠨ ᠤᠷᠢᠳᠠᠪᠠᠷ ᠵᠠᠪᠠᠯ 《 ᠨᠣᠬᠠᠢ ᠪᠠᠨ ᠬᠣᠷᠢᠭᠠᠷᠠᠢ 》 ᠭᠡᠵᠦ ᠬᠠᠰᠬᠢᠷᠳᠠᠭ ᠂ ᠬᠡᠷᠪᠡ ᠬᠠᠰᠬᠢᠷᠬᠤ ᠦᠭᠡᠢ ᠰᠢᠭᠤᠳ ᠭᠡᠷ ᠲᠦ ᠨᠢ ᠣᠷᠣᠪᠠᠯ ᠭᠡᠷ ᠲᠠᠬᠢ ᠬᠦᠮᠦᠰ ᠲᠡᠭᠦᠨ ᠢ 《 ᠬᠤᠯᠠᠭᠠᠶᠢᠴᠢ 》 ᠬᠡᠮᠡᠨ ᠡᠨᠳᠡᠭᠦᠦ ᠣᠶᠢᠯᠠᠭᠠᠵᠤ ᠮᠡᠳᠡᠬᠦ ᠪᠡᠷ ᠪᠠᠷᠠᠬᠤ ᠦᠭᠡᠢ ᠨᠣᠬᠠᠢ ᠳᠤ ᠲᠠᠭᠤᠭᠳᠠᠭᠰᠠᠨ ᠬᠦᠮᠦᠨ ᠢ ᠠᠶᠢᠯ ᠬᠣᠲᠠ ᠶᠢ ᠦᠢᠮᠡᠯᠳᠦᠭᠦᠯᠴᠢᠬᠡᠯ᠎ᠡ ᠭᠡᠳ ᠬᠦᠮᠦᠰ ᠳᠤᠷ᠎ᠠ ᠦᠭᠡᠶᠢᠴᠡᠳᠡᠭ ᠪᠠᠶᠢᠨ᠎ᠠ ᠃

ᠮᠣᠩᠭᠣᠯᠴᠤᠳ ᠤᠨ ᠵᠠᠩ ᠵᠠᠩᠰᠢᠯ ᠳᠤ ᠨᠣᠬᠠᠢ ᠶᠢᠨ ᠲᠤᠬᠠᠢ ᠴᠡᠭᠡᠷ ᠶᠣᠰᠣᠨ ᠨᠡᠯᠢᠶᠡᠳ ᠣᠯᠠᠨ ᠪᠠᠶᠢᠳᠠᠭ ᠃ ᠵᠢᠱᠢᠶᠡᠯᠡᠪᠡᠯ ᠄ ᠨᠣᠬᠠᠢ ᠶᠢ ᠠᠯᠠᠳᠠᠭ ᠦᠭᠡᠢ ᠂ ᠮᠢᠬ᠎ᠠ ᠶᠢ ᠨᠢ ᠢᠳᠡᠳᠡᠭ ᠦᠭᠡᠢ ᠂ ᠬᠡᠦᠬᠡᠳ ᠦᠳ ᠨᠣᠬᠠᠢ ᠤᠨᠤᠵᠤ ᠨᠠᠭᠠᠳᠤᠳᠠᠭ ᠦᠭᠡᠢ ᠂ ᠨᠣᠬᠠᠢ ᠶᠢᠨ ᠢᠳᠡᠭᠥᠷ ᠳᠡᠭᠡᠭᠦᠷ ᠠᠯᠬᠤᠵᠤ ᠭᠠᠷᠬᠤ ᠪᠤᠶᠤ ᠬᠦᠮᠦᠷᠢᠵᠦ ᠲᠠᠯᠪᠢᠬᠤ ᠶᠢ ᠣᠨᠴᠠ ᠴᠡᠭᠡᠷᠯᠡᠳᠡᠭ ᠃

ᠮᠠᠯᠴᠢᠳ ᠲᠤ ᠠᠪᠴᠤ ᠬᠡᠯᠡᠪᠡᠯ ᠨᠣᠬᠠᠢ ᠪᠠᠨ ᠠᠯᠳᠠᠬᠤ ᠨᠢ ᠮᠠᠰᠢ ᠶᠡᠬᠡ ᠭᠠᠰᠠᠯᠠᠩᠲᠤ ᠶᠠᠪᠤᠳᠠᠯ ᠪᠣᠯᠣᠨ᠎ᠠ ᠃ ᠮᠣᠩᠭᠣᠯᠴᠤᠳ ᠨᠣᠬᠠᠢ ᠨᠢ ᠦᠬᠦᠪᠡᠯ ᠰᠡᠭᠦᠯ ᠢ ᠨᠢ ᠲᠠᠭᠠᠷᠢᠬᠤ ᠂ ᠠᠮᠠᠨ ᠳᠤ ᠨᠢ ᠬᠠᠭᠤᠷᠤᠭᠰᠠᠨ ᠪᠤᠳᠠᠭ᠎ᠠ ᠰᠢᠷ᠎ᠠ ᠲᠣᠰᠣ ᠲᠠᠢ ᠬᠢᠵᠦ ᠣᠷᠣᠰᠢᠭᠤᠯᠳᠠᠭ ᠂ ᠡᠨᠡ ᠨᠢ ᠳᠠᠷᠠᠭ᠎ᠠ ᠲᠦᠷᠦᠯ ᠳᠦ ᠪᠡᠨ ᠬᠦᠮᠦᠨ ᠪᠣᠯᠵᠤ ᠲᠦᠷᠦᠬᠦ ᠶᠢ ᠨᠢ ᠪᠡᠯᠭᠡᠳᠡᠵᠦ ᠪᠠᠶᠢᠬᠤ ᠶᠤᠮ ᠭᠡᠨ᠎ᠡ ᠃


   :                    
   :           
备案序号:蒙ICP备05003250号 公安备案15010502000173