ᠵᠤᠬᠢᠶᠠᠭᠴᠢ:
ᠴᠠᠭ:2018-11-23
ᠥᠵᠡᠭᠰᠡᠨ : ℃
ᠢᠷᠡᠯᠲᠡ:
ᠲᠤᠯᠭᠤᠷ ᠤᠳᠤ ᠦᠶ᠎ᠡ ᠶᠢᠨ ᠭᠠᠷ ᠪᠢᠴᠢᠮᠡᠯ ᠤᠨ ᠴᠤᠪᠤᠷᠠᠯ ᠨᠤᠮ ᠬᠡᠪᠯᠡᠭᠳᠡᠪᠡ
2018 11 ᠰᠠᠷ᠎ᠠ ᠶᠢᠨ 22 ᠡᠳᠦᠷ ᠂ ᠦᠪᠦᠷ ᠤᠨ ᠠᠷᠠᠳ ᠤᠨ ᠬᠡᠪᠯᠡᠯ ᠤᠨ ᠬᠤᠷᠢᠶᠠᠨ ᠡᠴᠡ ᠬᠡᠪᠯᠡᠬᠦᠯᠦᠭᠰᠡᠨ ᠲᠤᠯᠭᠤᠷ ᠤᠨ ᠤᠳᠤ ᠦᠶ᠎ᠡ ᠶᠢᠨ ᠭᠠᠷ ᠪᠢᠴᠢᠮᠡᠯ ᠴᠤᠪᠤᠷᠠᠯ ᠨᠤᠮ ᠢ ᠲᠠᠷᠬᠠᠭᠠᠬᠤ ᠠᠵᠢᠯᠯᠠᠭ᠎ᠠ ᠬᠦᠬᠡᠬᠤᠳᠠ ᠳᠤ ᠵᠤᠬᠢᠶᠠᠨ ᠪᠠᠶᠢᠭᠤᠯᠤᠭᠳᠠᠪᠠ᠃
ᠲᠤᠰ ᠴᠤᠪᠤᠷᠠᠯ ᠨᠤᠮ ᠨᠢ ᠨᠡᠶᠢᠳᠡ 110 ᠪᠤᠳᠢ ᠪᠤᠢ ᠂ ᠦᠪᠦᠷ ᠂ ᠯᠢᠶᠤᠤᠨᠢᠩ ᠂ ᠬᠢᠷᠢᠨ ᠵᠡᠷᠬᠡ ᠮᠤᠵᠢ ᠤᠷᠤᠨ ᠤ 114 ᠤᠳᠤ ᠦᠶ᠎ᠡ ᠶᠢᠨ ᠤᠷᠠᠨ ᠪᠢᠴᠢᠯᠭᠡᠳᠡᠨ ᠤᠷᠤᠯᠴᠠᠵᠤ ᠂ ᠬᠢᠴᠢᠶᠡᠩᠬᠦᠢ ᠢᠶᠡᠷ ᠪᠢᠴᠢᠵᠤ ᠂ 4 ᠵᠢᠯ ᠤᠨ ᠬᠤᠭᠤᠴᠠᠭ᠎ᠠ ᠪᠠᠶᠢᠨ᠎ᠠ᠃
ᠤᠶᠢᠯᠠᠭᠠᠭᠰᠠᠨ ᠢᠶᠡᠷ ᠂ ᠲᠤᠰ ᠭᠠᠷ ᠪᠢᠴᠢᠮᠡᠯ ᠤᠨ ᠴᠤᠪᠤᠷᠠᠯ ᠨᠤᠮ ᠨᠢ ᠦᠨᠳᠤᠰᠦᠳᠡᠨ ᠤ ᠤᠨ ᠨᠢᠭᠤᠴᠠ ᠲᠤᠪᠴᠢᠶᠠᠨ ᠂ ᠠᠯᠲᠠᠨ ᠲᠤᠪᠴᠢ ᠵᠡᠷᠬᠡ ᠲᠤᠯᠭᠤᠷ ᠤᠳ ᠢ ᠰᠢᠯᠢᠵᠤ ᠂ ᠠᠭᠤᠯᠭ᠎ᠠ ᠶᠢᠨ ᠲᠠᠯ᠎ᠠ ᠪᠡᠷ ᠤᠨ ᠲᠡᠦᠬᠡ ᠂ ᠬᠠᠤᠯᠢ ᠴᠠᠭᠠᠵᠠ ᠂ ᠵᠠᠩ ᠂ ᠬᠡᠯᠡᠨ ᠵᠦᠢ ᠂ ᠠᠨᠠᠭᠠᠬᠤ ᠤᠬᠠᠭᠠᠨ ᠵᠡᠷᠬᠡ ᠦᠷᠬᠡᠨ ᠬᠠᠮᠤᠷᠴᠤ ᠂ ᠵᠤᠬᠢᠬᠤ ᠰᠤᠶᠤᠯ ᠤᠨ ᠦᠨ᠎ᠡ ᠴᠡᠨ᠎ᠡ ᠲᠠᠢ ᠪᠦᠬᠡᠳ ᠨᠡᠶᠢᠬᠡᠮ ᠤᠨ ᠠᠴᠢ ᠬᠤᠯᠪᠤᠭᠳᠠᠯ ᠲᠠᠢ ᠪᠠᠶᠢᠳᠠᠭ᠃