ᠵᠤᠬᠢᠶᠠᠭᠴᠢ: 
							ᠴᠠᠭ:2018-07-30
							ᠥᠵᠡᠭᠰᠡᠨ :  ℃
                                                        ᠢᠷᠡᠯᠲᠡ: 
						
						
							   						
						
												 ᠲᠡᠭᠷᠢ ᠳᠠᠬᠢᠬᠤ ᠪᠣᠯ ᠮᠣᠩᠭᠣᠯᠴᠣᠳ  ᠦᠨ ᠵᠠᠩ ᠦᠢᠯᠡ  ᠢᠢᠨ ᠨᠢᠭᠡᠨ ᠠᠭᠣᠯᠭᠠ ᠪᠠᠶᠢᠵᠦ ᠂  ᠪᠦᠬᠡ ᠮᠦᠷᠭᠦᠯᠴᠢᠳ  ᠦᠨ ᠢᠵᠠᠭᠣᠷ ᠰᠢᠳ᠋ᠦᠯᠭᠡ  ᠢᠢᠨ ᠬᠡᠯᠪᠡᠷᠢ ᠪᠣᠯᠣᠨᠠ    ᠮᠣᠩᠭᠣᠯᠴᠣᠳ ᠲᠡᠭᠷᠢ ᠳᠠᠬᠢᠬᠤ ᠵᠠᠩ ᠦᠢᠯᠡ ᠪᠡᠨ ᠪᠠᠷᠢᠮᠲᠠᠯᠠᠬᠰᠠᠭᠠᠷ ᠢᠷᠡᠭᠰᠡᠨ ᠪᠦᠭᠡᠳ ᠳᠠᠷᠠᠬᠠᠢ ᠪᠣᠲᠠᠷᠬᠠᠢ ᠨᠡᠭᠦᠳ᠋ᠡᠯ ᠮᠡᠯᠵᠢᠯ  ᠦᠨ ᠨᠦᠬᠦᠴᠡᠯ ᠰᠢᠯᠲᠠᠭᠠᠨ ᠡᠴᠠ ᠪᠠᠨ ᠪᠣᠯᠵᠦ ᠂  ᠠᠶᠢᠯ ᠡᠷᠦᠬᠡ ᠪᠡᠷ  ᠢᠢᠡᠨ ᠳᠠᠬᠢᠯᠭᠠ ᠬᠢᠳ᠋ᠡᠭ ᠤᠴᠢᠷᠲᠠᠢ ᠃  ᠴᠠᠭᠠᠨ ᠰᠠᠷᠠ  ᠢᠢᠨ ᠪᠢᠲᠡᠬᠦᠨ  ᠦ ᠤᠷᠣᠶᠢᠬᠠᠨ ᠭᠡᠷ ᠡᠴᠡ ᠪᠡᠨ ᠤᠷᠣᠬᠰᠢ ᠵᠠᠭᠣᠭᠠᠳ ᠠᠯᠬᠣᠮ  ᠦᠨ ᠤᠷᠴᠢᠮ  ᠦᠨ ᠵᠠᠶᠢᠲᠠᠢ ᠠᠷᠢᠭᠣᠨ ᠴᠡᠪᠡᠷ ᠭᠠᠵᠠᠷ ᠨᠢᠭᠡᠨ ᠴᠠᠰᠦᠨ ᠤᠪᠣᠭᠠ ᠪᠣᠰᠬᠠᠨ ᠵᠠᠰᠠᠵᠦ ᠲᠠᠯᠪᠢᠨᠠ ᠃ ᠡᠨᠡᠬᠦ ᠤᠪᠣᠭᠠ ᠪᠠᠨ  ᠲᠡᠭᠷᠢ ᠤᠪᠣᠭᠠ  ᠪᠣᠶᠣ  ᠠᠯᠲᠠᠨ ᠤᠪᠣᠭᠠ  ᠴᠦ ᠭᠡᠵᠦ ᠨᠡᠷᠡᠯᠡᠳ᠋ᠡᠭ ᠃  ᠳᠠᠬᠢᠯᠭᠠ  ᠢᠢᠨ ᠴᠠᠭ ᠬᠣᠭᠣᠴᠠᠭᠠ ᠨᠢ ᠵᠢᠯ ᠪᠦᠷᠢ  ᠢᠢᠨ ᠴᠠᠭᠠᠨ ᠰᠠᠷᠠ  ᠢᠢᠨ ᠰᠢᠨᠠ  ᠢᠢᠨ ᠨᠢᠭᠡᠨ  ᠦ ᠦᠷᠯᠦᠭᠡ  ᠢᠢᠨ ᠪᠠᠷᠰ ᠴᠠᠭ ᠲᠦ ᠶᠠᠪᠣᠬᠳ᠋ᠠᠨᠠ ᠂  ᠭᠡᠷ  ᠦᠨ ᠡᠵᠡᠨ ᠲᠦᠷᠦᠭᠦᠦ ᠲᠠᠢ ᠪᠦᠷᠢᠯᠳ᠋ᠦᠬᠦᠨ ᠨᠣᠭᠦᠳ ᠵᠠᠰᠠᠯ  ᠦᠨ ᠬᠣᠪᠴᠠᠰᠦ ᠪᠠᠨ ᠡᠮᠦᠰᠴᠦ ᠂  ᠮᠣᠷᠢ ᠪᠠᠨ ᠤᠨᠣᠵᠦ ᠂  ᠨᠣᠮᠦ ᠰᠠᠭᠠᠳ᠋ᠠᠭ  ᠢᠢᠠᠨ ᠠᠬᠰᠠᠵᠦ ᠂  ᠡᠷᠭᠦᠯ ᠳᠠᠬᠢᠯᠭᠠ  ᠢᠢᠨ ᠵᠦᠢᠯᠡᠰ  ᠢᠢᠡᠨ ᠠᠪᠴᠦ ᠂  ᠤᠪᠣᠭᠠᠨ ᠳ᠋ᠠᠭᠠᠨ ᠬᠦᠷᠴᠦ ᠂  ᠳᠠᠬᠢᠯᠭᠠ  ᠢᠢᠨ ᠦᠢᠯᠡ ᠪᠡᠨ ᠲᠦᠪ ᠬᠢᠴᠢᠶᠡᠩᠭᠦᠢ ᠬᠦᠢᠴᠡᠳᠭᠡᠳ᠋ᠡᠭ ᠃