ᠵᠤᠬᠢᠶᠠᠭᠴᠢ: 
							ᠴᠠᠭ:2018-07-16
							ᠥᠵᠡᠭᠰᠡᠨ :  ℃
                                                        ᠢᠷᠡᠯᠲᠡ: 
						
						
							ᠠᠷᠭᠠᠯ ᠲᠦᠯᠡᠰᠢ ᠬᠣᠷᠢᠶᠠᠬᠤ ᠶᠣᠰᠣᠨ						
						
												
	 ᠮᠠᠯᠴᠢᠳ ᠂  ᠲᠠᠪᠣᠨ ᠬᠣᠰᠢᠭᠣ ᠮᠠᠯ  ᠦᠨ ᠂  ᠮᠢᠬᠠ ᠂  ᠤᠩᠭᠠᠰᠦ ᠂  ᠨᠣᠣᠰᠦ ᠂  ᠠᠷᠠᠰᠦ ᠂  ᠰᠢᠷᠢ  ᠢᠢ ᠪᠣᠯᠪᠠᠰᠣᠷᠠᠭᠣᠯᠣᠨ ᠠᠮᠢᠳ᠋ᠣᠷᠠᠯ ᠦᠢᠯᠡᠳᠪᠣᠷᠢᠯᠡᠯ ᠳ᠋ᠡᠭᠡᠨ ᠠᠰᠢᠬᠯᠠᠳ᠋ᠠᠭ ᠡᠴᠠ ᠭᠠᠳ᠋ᠠᠨᠠ ᠂  ᠮᠠᠯ  ᠦᠨ   ᠢᠢ ᠴᠦ ᠠᠰᠢᠬᠯᠠᠯᠲᠠ ᠳ᠋ᠤ ᠤᠷᠣᠭᠣᠯᠣᠨ ᠠᠮᠢᠳ᠋ᠣᠷᠠᠯ  ᠦᠨ ᠬᠡᠷᠡᠭᠴᠡᠭᠡ ᠪᠡᠨ ᠬᠠᠩᠭᠠᠳ᠋ᠠᠭ ᠪᠠᠶᠢᠨᠠ ᠃ 
 ᠲᠠᠪᠣᠨ ᠬᠣᠰᠢᠭᠣ ᠮᠠᠯ  ᠦᠨ   ᠢᠢ ᠴᠦ ᠠᠳ᠋ᠠᠯᠢ ᠪᠣᠰᠦ ᠪᠠᠷ ᠨᠡᠷᠡᠯᠡᠳ᠋ᠡᠭ ᠃  ᠬᠣᠨᠢ ᠂  ᠢᠮᠠᠭᠠ ᠂  ᠲᠡᠮᠡᠭᠡᠨ  ᠦ ᠬᠢ  ᠢᠢ ᠬᠣᠷᠭᠣᠯ ᠂  ᠦᠬᠡᠷ  ᠦᠨ ᠬᠢ  ᠢᠢ ᠪᠠᠭᠠᠰᠦ ᠭᠡᠬᠦ ᠪᠠ ᠠᠳ᠋ᠣᠭᠣᠨ  ᠤ ᠬᠢ  ᠢᠢ ᠬᠣᠮᠣᠯ ᠭᠡᠳ᠋ᠡᠭ ᠪᠠ ᠮᠠᠯ  ᠦᠨ ᠪᠠᠭᠠᠰᠦ  ᠢᠢ ᠭᠣᠣᠯᠳ᠋ᠠᠭᠣ ᠲᠦᠯᠡᠰᠢ ᠪᠣᠯᠭᠠᠨ ᠬᠡᠷᠡᠭᠯᠡᠬᠦ ᠵᠠᠩᠰᠢᠯ ᠲᠠᠢ ᠃ 
 ᠬᠣᠨᠢ ᠂  ᠢᠮᠠᠭᠠᠨ  ᠤ ᠬᠣᠷᠭᠣᠯ ᠢ ᠬᠠᠪᠣᠷ ᠨᠠᠮᠣᠷ ᠬᠠᠳ᠋ᠠᠭᠠᠵᠦ ᠲᠦᠯᠡᠬᠦ ᠪᠠ ᠡᠪᠣᠯ  ᠦᠨ ᠤᠯᠠᠷᠢᠯ ᠳ᠋ᠤ ᠬᠦᠯᠳ᠋ᠡᠭᠦᠦ ᠪᠡᠷ ᠨᠢ ᠲᠦᠯᠡᠳ᠋ᠡᠭ ᠃  ᠶᠡᠷᠦ ᠨᠢ ᠲᠡᠵᠢᠬᠢᠨᠡᠲᠠᠯᠠ ᠬᠦᠯᠳ᠋ᠡᠭᠰᠡᠨ ᠬᠣᠷᠭᠣᠯ ᠢ ᠴᠠᠩ ᠴᠠᠰᠦ ᠲᠠᠢ ᠨᠢ ᠲᠡᠮᠣᠷ ᠵᠣᠣᠬᠠ ᠪᠣᠶᠣ ᠵᠣᠣᠬᠠᠨ ᠳ᠋ᠠᠭᠠᠨ ᠤᠯᠠᠯᠵᠠᠬᠰᠠᠨ ᠭᠠᠯ  ᠦᠨ ᠴᠣᠭ ᠳᠡᠭᠡᠷᠠ ᠬᠢᠬᠦ ᠳ᠋ᠦ ᠲᠡᠷᠡ ᠨᠢ ᠲᠦᠷᠡᠯᠵᠡᠨ ᠨᠣᠴᠣᠵᠦ ᠪᠠᠶᠢᠳ᠋ᠠᠭ ᠨᠢ ᠭᠠᠶᠢᠬᠠᠯᠲᠠᠢ ᠶᠣᠮ ᠃ 
 ᠡᠪᠣᠯ  ᠦᠨ  ᠬᠣᠨᠢ ᠂  ᠢᠮᠠᠭᠠᠨ  ᠤ ᠬᠣᠷᠭᠣᠯ ᠬᠢᠰᠬᠢᠯᠡᠭᠳ᠋ᠡᠨ ᠬᠡᠮᠬᠡᠷᠡᠵᠦ ᠂  ᠮᠠᠯ  ᠦᠨ ᠰᠢᠭᠡᠰᠦ ᠪᠣᠯᠣᠨ ᠴᠠᠰᠦ ᠲᠠᠢ ᠬᠣᠯᠢᠯᠳ᠋ᠣᠨ ᠲᠠᠬᠰᠢᠷᠠᠨ   ᠬᠦᠷᠵᠡᠩ ᠭᠡᠨᠠ ᠃ ᠬᠦᠷᠵᠡᠩ ᠢ ᠬᠠᠪᠣᠷ ᠬᠦᠷᠵᠡ ᠪᠡᠷ ᠲᠦᠷᠪᠡᠯᠵᠢᠯᠡᠨ ᠬᠢᠰᠬᠢᠵᠦ ᠠᠪᠬᠤ ᠪᠣᠶᠣ ᠨᠢᠭᠡ ᠨᠣᠳ᠋ᠣᠭ ᠲᠦ ᠤᠳ᠋ᠠᠭᠠᠨ ᠰᠠᠭᠣᠬᠰᠠᠨ ᠦᠭᠡᠢ ᠨᠢᠮᠬᠡᠪᠳ᠋ᠦᠷ ᠬᠦᠷᠵᠡᠩ ᠢ ᠬᠠᠭᠣᠯᠬᠤ ᠭᠡᠵᠦ ᠬᠡᠯᠡᠳ᠋ᠡᠭ ᠃  ᠬᠦᠷᠵᠡᠩ  ᠦᠨ ᠭᠠᠯ ᠢᠯᠴᠢ ᠰᠠᠶᠢᠲᠠᠢ ᠂  ᠲᠠᠭᠠᠭᠠᠴᠠ ᠲᠠᠢ ᠪᠠᠶᠢᠳ᠋ᠠᠭ ᠃ 
 ᠬᠣᠨᠢ ᠢᠮᠡᠭᠠᠨ  ᠤ ᠬᠣᠷᠭᠣᠯ ᠬᠡᠮᠬᠡᠷᠡᠨ ᠨᠣᠨᠳ᠋ᠠᠭ ᠪᠣᠯᠣᠬᠰᠠᠨ ᠢ ᠬᠣᠮᠣᠭ ᠭᠡᠨᠠ ᠃  ᠬᠣᠮᠣᠭ ᠢ ᠬᠠᠳ᠋ᠠᠭᠠᠨ ᠤᠪᠣᠭᠠᠯᠠᠵᠦ ᠬᠠᠳ᠋ᠠᠭᠠᠯᠠᠭᠠᠳ ᠂ ᠡᠪᠦᠯ ᠬᠠᠪᠣᠷ  ᠦᠨ ᠤᠯᠠᠷᠢᠯ ᠳ᠋ᠤ ᠦᠬᠡᠷ ᠂  ᠲᠡᠮᠡᠭᠡᠨ  ᠦ ᠬᠡᠪᠳ᠋ᠡᠷᠢ ᠳ᠋ᠦ ᠳᠡᠪᠢᠰᠴᠦ ᠦᠭᠳ᠋ᠡᠭ ᠃ ᠵᠣᠨ ᠂  ᠨᠠᠮᠣᠷ  ᠦᠨ ᠤᠯᠠᠷᠢᠯ ᠳ᠋ᠤ ᠢᠯᠠᠭᠠ ᠶᠡᠬᠡ ᠲᠠᠢ ᠪᠣᠯ ᠬᠣᠮᠣᠭ ᠤᠩᠭᠣᠰᠬᠠᠪᠠᠯ ᠬᠣᠮᠣᠭ  ᠦᠨ ᠤᠳ᠋ᠣᠭᠠᠨ  ᠤ ᠦᠨᠦᠷ ᠲᠦ ᠢᠯᠠᠭᠠ ᠪᠠᠲᠠᠭᠠᠨᠠ ᠵᠠᠶᠢᠯᠠᠳ᠋ᠠᠭ ᠃  ᠡᠨᠡ ᠨᠢ ᠮᠠᠯ ᠰᠦᠷᠦᠭ ᠢ ᠢᠯᠠᠭᠠ ᠪᠠᠳ᠋ᠠᠭᠠᠨᠠ ᠡᠴᠠ ᠬᠠᠮᠠᠭᠠᠯᠠᠬᠤ ᠪᠠᠰᠠ  ᠰᠠᠶᠢᠨ ᠠᠷᠭᠠ ᠃ 
 ᠦᠬᠡᠷ  ᠦᠨ ᠪᠠᠭᠠᠰᠦ  ᠢᠢ ᠡᠪᠣᠯ  ᠦᠨ ᠬᠢ  ᠢᠢ ᠬᠦᠯᠳ᠋ᠡᠭᠦᠦ ᠭᠡᠵᠦ ᠂   ᠦᠬᠡᠷ  ᠦᠨ ᠪᠠᠭᠠᠰᠦ  ᠢᠢ ᠠᠷᠭᠠᠯ ᠭᠡᠨᠠ ᠃  ᠬᠠᠪᠣᠷ ᠂  ᠵᠣᠨ  ᠤ ᠬᠢ  ᠢᠢ ᠰᠢᠷᠠ ᠠᠷᠭᠠᠯ ᠂  ᠨᠠᠮᠣᠷ  ᠦᠨ ᠬᠢ  ᠢᠢ ᠬᠠᠷᠠ ᠠᠷᠭᠠᠯ ᠂  ᠲᠦᠷᠦᠭᠦᠦ ᠵᠢᠯ  ᠦᠨ ᠨᠠᠮᠣᠷ  ᠦᠨ  ᠬᠦᠬᠡ ᠠᠷᠭᠠᠯ  ᠪᠣᠶᠣ ᠬᠠᠪᠣᠷ  ᠦᠨ ᠠᠷᠭᠠᠯ ᠂  ᠵᠣᠨ  ᠤ ᠠᠷᠭᠠᠯ ᠂  ᠨᠠᠮᠣᠷ  ᠦᠨ ᠠᠷᠭᠠᠯ ᠭᠡᠵᠦ ᠤᠯᠠᠷᠢᠯ  ᠢᠢᠠᠷ ᠬᠣᠪᠢᠶᠠᠨ ᠢᠯᠭᠠᠵᠦ ᠨᠡᠷᠡᠯᠡᠳ᠋ᠡᠭ ᠃ ᠠᠷᠭᠠᠯ ᠪᠣᠯ ᠮᠠᠯᠴᠢᠳ  ᠦᠨ ᠵᠢᠯ  ᠦᠨ ᠲᠦᠷᠪᠡᠨ ᠤᠯᠠᠷᠢᠯ ᠰᠢᠲᠠᠭᠠᠬᠤ ᠭᠣᠣᠯ ᠲᠦᠯᠡᠰᠢ ᠪᠣᠯᠣᠨᠠ ᠃ 
 ᠡᠪᠣᠯ  ᠦᠨ ᠤᠯᠠᠷᠢᠯ ᠳ᠋ᠤ ᠦᠬᠡᠷ  ᠦᠨ ᠪᠠᠭᠠᠰᠦ ᠪᠠᠨ ᠤᠪᠣᠭᠠᠯᠠᠵᠦ ᠂  ᠬᠠᠪᠣᠷ ᠬᠠᠭᠠᠰ ᠡᠪᠡᠷᠡᠭᠰᠡᠨ  ᠦ ᠳᠠᠷᠠᠭᠠ   ᠬᠣᠷᠢᠶᠠᠵᠦ ᠡᠪᠣᠯ  ᠦᠨ ᠲᠦᠯᠡᠰᠢ   ᠃  ᠬᠠᠪᠣᠷ ᠂  ᠵᠣᠨ ᠂  ᠨᠠᠮᠣᠷ  ᠦᠨ ᠬᠢ  ᠢᠢ ᠭᠣᠣᠯᠳ᠋ᠠᠭᠣ ᠲᠡᠭᠦᠵᠦ ᠴᠣᠬᠯᠠᠭᠣᠯᠳ᠋ᠠᠭ ᠃  ᠵᠠᠷᠢᠮ ᠭᠠᠵᠠᠷ  ᠬᠣᠷᠢᠶᠠᠬᠰᠠᠨ ᠠᠷᠭᠠᠯ  ᠢᠢᠠᠨ ᠨᠣᠶᠢᠲᠠᠨ ᠦᠬᠡᠷ  ᠦᠨ ᠪᠠᠭᠠᠰᠦ ᠪᠠᠷ ᠂  ᠪᠣᠷᠣᠭᠠᠨ ᠬᠣᠷᠠ ᠡᠴᠠ ᠬᠠᠮᠠᠭᠠᠯᠠᠨ ᠂  ᠨᠣᠷᠠᠵᠦ ᠰᠦᠢᠳᠬᠦ ᠡᠴᠡ ᠰᠡᠷᠭᠡᠶᠢᠯᠡᠳ᠋ᠡᠭ ᠃ 
 ᠡᠪᠣᠯ  ᠦᠨ ᠠᠷᠭᠠᠯ ᠰᠡᠪᠰᠡᠭᠡᠷ ᠵᠦᠭᠡᠯᠡᠨ ᠲᠣᠯᠠ ᠦᠮᠦᠭ ᠠᠷᠭᠠᠯ ᠭᠡᠬᠦ ᠪᠠ ᠡᠶᠢᠮᠦ ᠠᠷᠭᠠᠯ  ᠢᠢᠠᠷ ᠦᠷᠣᠮᠠ ᠬᠦᠭᠡᠷᠣᠭᠦᠯᠪᠡᠯ ᠬᠡᠩᠰᠢᠵᠦ ᠰᠢᠲᠠᠬᠳ᠋ᠠᠬᠤ ᠦᠭᠡᠢ ᠂  ᠰᠢᠩᠭᠡ ᠰᠠᠶᠢᠨ ᠰᠠᠭᠣᠳ᠋ᠠᠭ ᠃  ᠨᠠᠮᠣᠷ  ᠦᠨ ᠠᠷᠭᠠᠯ ᠬᠠᠳ᠋ᠠᠭᠣ ᠪᠣᠯᠬᠣᠷ ᠢᠯᠴᠢ ᠶᠡᠬᠡ ᠂  ᠳᠠᠭᠠᠭᠠᠴᠠ ᠰᠠᠶᠢᠲᠠᠢ ᠪᠠᠶᠢᠳ᠋ᠠᠭ ᠃ 
 ᠠᠳ᠋ᠣᠭᠣᠨ  ᠤ ᠬᠣᠮᠣᠭ ᠮᠦᠨ  ᠵᠦᠭᠡᠯᠡᠨ ᠂ ᠭᠠᠯ ᠠᠪᠣᠯᠴᠠᠬᠤ ᠳ᠋ᠤ ᠬᠢᠯᠪᠡᠷ ᠲᠣᠯᠠ ᠨᠣᠴᠣᠭᠠᠪᠣᠷᠢ ᠪᠣᠯᠭᠠᠨ ᠬᠡᠷᠡᠭᠯᠡᠬᠦ ᠪᠣᠶᠣ ᠦᠷᠦᠮᠠ ᠬᠦᠬᠡᠷᠣᠬᠦᠯᠬᠦ ᠂  ᠬᠣᠷᠣᠳ ᠬᠢᠬᠦ ᠳ᠋ᠦ  ᠬᠡᠷᠡᠭᠯᠡᠳ᠋ᠡᠭ ᠃ 
 ᠡᠪᠣᠯ  ᠦᠨ ᠴᠠᠭ ᠲᠦ ᠦᠬᠡᠷ ᠬᠦᠯᠳ᠋ᠡᠬᠦᠦ ᠬᠣᠮᠣᠭ ᠬᠡᠮᠡᠯᠢᠬᠦ ᠲᠣᠷᠠᠳ᠋ᠠᠢ ᠂  ᠬᠠᠪᠣᠷ  ᠦᠨ ᠡᠬᠢ ᠪᠡᠷ ᠨᠠᠮᠣᠷ  ᠦᠨ ᠬᠠᠯᠳ᠋ᠠᠷ ᠬᠣᠮᠣᠭ ᠢ ᠡᠷᠢᠵᠦ ᠢᠳ᠋ᠡᠳ᠋ᠡᠭ ᠃  ᠡᠨᠡ ᠨᠢ ᠦᠬᠡᠷ ᠲᠦ ᠨᠢᠭᠡ ᠶᠣᠰᠦᠨ  ᠤ ᠲᠡᠵᠢᠭᠡᠯ ᠪᠣᠯᠳ᠋ᠠᠭ ᠪᠠᠶᠢᠨᠠ ᠃ 
 ᠲᠡᠮᠡᠭᠡᠨ  ᠦ ᠬᠡᠪᠢᠯᠭᠡ ᠨᠢ ᠰᠠᠶᠢᠨ ᠤᠴᠢᠷ ᠡᠴᠠ ᠬᠣᠷᠭᠣᠯ  ᠦᠨ ᠰᠢᠷᠬᠡᠭ ᠨᠢ ᠮᠠᠰᠢ ᠨᠠᠷᠢᠨ ᠴᠢᠩᠭᠠ ᠪᠠᠷᠢᠯᠳ᠋ᠣᠵᠦ ᠬᠣᠷᠭᠣᠯ ᠢ ᠬᠠᠳ᠋ᠠᠭᠠᠵᠦ ᠡᠪᠣᠯ ᠲᠦᠯᠡᠬᠦ ᠳ᠋ᠦ ᠲᠣᠯᠠᠭᠠᠨ ᠪᠦᠭᠡᠳ ᠴᠣᠭ ᠢ ᠨᠢ ᠠᠪᠴᠦ ᠬᠣᠪᠣᠩ ᠳ᠋ᠤ ᠲᠠᠯᠪᠢᠬᠤ ᠳ᠋ᠤ ᠨᠡᠯᠢᠶᠡᠳ ᠤᠷᠳ᠋ᠦ ᠴᠠᠭ  ᠢᠢᠠᠷ ᠴᠣᠭ ᠨᠢ ᠤᠯᠠᠯᠵᠠᠵᠦ ᠂  ᠢᠯᠴᠢ ᠶᠡᠬᠡ  ᠪᠠᠶᠢᠳ᠋ᠠᠭ ᠶᠣᠮ ᠃ 
 ᠮᠠᠯᠴᠢᠳ ᠦᠢᠯᠡᠳᠪᠣᠷᠢᠯᠡᠯ ᠬᠦᠳ᠋ᠡᠯᠮᠣᠷᠢ  ᠢᠢᠨ ᠲᠣᠮᠳ᠋ᠠ ᠪᠠᠨ ᠮᠠᠯ  ᠦᠨ ᠪᠠᠭᠠᠰᠦᠨ  ᠤ ᠡᠳ᠋ᠡᠭᠡᠷ ᠦᠪᠡᠷᠮᠢᠴᠡ ᠤᠨᠴᠠᠯᠢᠭ ᠢ ᠰᠠᠶᠢᠬᠠᠨ ᠤᠶᠢᠯᠠᠭᠠᠬᠰᠠᠨ ᠪᠣᠯᠬᠣᠷ ᠂  ᠠᠳ᠋ᠠᠯᠢ ᠪᠣᠰᠦ ᠪᠠᠶᠢᠳ᠋ᠠᠯ ᠢ ᠨᠢ ᠦᠨᠳ᠋ᠦᠰᠦᠯᠡᠵᠦ ᠂  ᠠᠮᠢᠳ᠋ᠣᠷᠠᠯ  ᠦᠨ ᠬᠡᠷᠡᠭᠴᠡᠭᠡ ᠳ᠋ᠡᠬᠡᠨ ᠵᠣᠷᠢᠭᠣᠯᠵᠦ ᠠᠰᠢᠬᠯᠠᠬᠰᠠᠭᠠᠷ ᠢᠷᠡᠭᠰᠡᠨ ᠶᠣᠮ ᠃