ᠵᠤᠬᠢᠶᠠᠭᠴᠢ: 
							ᠴᠠᠭ:2018-06-23
							ᠥᠵᠡᠭᠰᠡᠨ :  ℃
                                                        ᠢᠷᠡᠯᠲᠡ: 
						
						
							 ᠠᠯᠲᠠᠨ ᠬᠠᠭᠠᠨ ᠲᠣᠭᠣᠵᠢ 						
						
												
	 ᠮᠢᠩ ᠤᠯᠣᠰ  ᠦᠨ ᠦᠶᠠ  ᠢᠢᠨ ᠮᠣᠩᠭᠣᠯ  ᠦᠨ ᠲᠦᠮᠡᠳ  ᠦᠨ ᠲᠦᠷᠦᠭᠦᠦ ᠠᠯᠲᠠᠨ ᠬᠠᠭᠠᠨ  ᠤ ᠨᠠᠮᠲᠠᠷ ᠃  ᠤᠣᠯ ᠭᠠᠷᠴᠠᠭ ᠨᠢ  ᠡᠷᠳ᠋ᠡᠨᠢ ᠲᠣᠨᠣᠮᠠᠯ ᠨᠡᠷᠡᠳ᠋ᠦ ᠰᠣᠳ᠋ᠣᠷ ᠤᠷᠣᠰᠢᠪᠠ  ᠭᠡᠳ᠋ᠡᠭ ᠃ ᠨᠣᠮ  ᠦᠨ ᠲᠣᠳ᠋ᠣᠷᠠ  ᠽᠡᠭᠷᠡᠧᠡᠷ  ᠦᠨ ᠠᠯᠲᠠᠨ ᠬᠠᠭᠠᠨ  ᠤ ᠲᠣᠭᠣᠵᠢ  ᠬᠡᠮᠡᠪᠡ ᠃  ᠵᠣᠬᠢᠶᠠᠬᠴᠢ  ᠢᠢᠨ ᠨᠡᠷᠠ ᠦᠭᠡᠢ ᠃  ᠪᠠᠷᠣᠭ ᠠᠯᠲᠠᠨ ᠬᠠᠭᠠᠨ  ᠤ ᠰᠢᠳ᠋ᠠᠷ ᠪᠠᠶᠢᠬᠰᠠᠨ ᠪᠣᠷᠬᠠᠨ  ᠤ ᠱᠠᠰᠢᠨ ᠢ ᠨᠡᠪᠲᠡ ᠮᠡᠳ᠋ᠡᠳ᠋ᠡᠭ ᠢᠳ᠋ᠡᠭᠡᠯᠳ᠋ᠦ ᠯᠠᠮᠠ ᠬᠦᠮᠦᠨ  ᠦ ᠵᠣᠬᠢᠶᠠᠯ ᠮᠠᠭᠠᠳ ᠴᠣᠶᠢᠵᠢ ᠲᠠᠶᠢᠯᠪᠣᠷᠢᠯᠠᠪᠠ  ᠃ 17 ᠳ᠋ᠣᠭᠠᠷ ᠵᠠᠭᠣᠨ  ᠤ ᠡᠬᠢᠨ  ᠦ ᠦᠶᠠ ᠳ᠋ᠦ ᠪᠢᠴᠢᠭᠳ᠋ᠡᠭᠰᠡᠨ ᠪᠣᠯᠣᠯᠲᠠᠢ ᠃ 
 ᠲᠣᠰ ᠨᠣᠮ ᠰᠢᠯᠦᠭ  ᠦᠨ ᠲᠢᠭ  ᠢᠢᠡᠷ ᠪᠢᠴᠢᠭᠳ᠋ᠡᠭᠰᠡᠨ ᠪᠦᠭᠡᠳ ᠠᠭᠣᠯᠭᠠ ᠨᠢ ᠳᠡᠭᠡᠭᠰᠢ ᠴᠢᠩᠭᠢᠰ ᠬᠠᠭᠠᠨ ᠂  ᠲᠣᠷᠣᠬᠰᠢ ᠠᠯᠲᠠᠨ ᠬᠠᠭᠠᠨ  ᠤ ᠤᠮᠪᠣᠯᠥ ᠨᠠᠮᠣᠲᠠᠢ ᠬᠣᠩ ᠲᠠᠶᠢᠵᠢ ᠬᠦᠷᠳ᠋ᠡᠭ ᠃  ᠠᠯᠲᠠᠨ ᠬᠠᠭᠠᠨ  ᠤ ᠨᠢᠭᠡ ᠨᠠᠰᠣᠨ  ᠤ ᠤᠶᠢᠯᠠ ᠬᠡᠷᠡᠭ ᠢ ᠬᠠᠮᠣᠭ  ᠦᠨ ᠤᠷᠳ᠋ᠦ ᠲᠡᠮᠳ᠋ᠡᠭᠯᠡᠭᠰᠡᠨ ᠪᠦᠭᠡᠳ ᠪᠠᠰᠠ ᠲᠦᠷᠪᠡᠳ  ᠦᠨ ᠪᠣᠷᠬᠠᠨ  ᠤ ᠱᠠᠰᠢᠨ ᠬᠢᠭᠡᠳ ᠵᠢᠴᠢ ᠲᠡᠬᠦᠨ  ᠦ ᠦᠪᠥᠷ ᠮᠣᠩᠭᠣᠯ ᠤᠷᠣᠨ ᠳ᠋ᠤ ᠳᠡᠯᠭᠡᠷᠡᠭᠰᠡᠨ ᠠᠭᠣᠯᠭᠠ ᠬᠠᠮᠣᠭ  ᠦᠨ ᠪᠠᠶᠠᠯᠢᠭ ᠪᠠᠶᠢᠳ᠋ᠠᠭ ᠃  ᠡᠳ᠋ᠡᠭᠡᠷ ᠲᠡᠮᠳ᠋ᠡᠭᠯᠡᠯ ᠨᠢ ᠵᠣᠬᠢᠶᠠᠬᠴᠢ  ᠢᠢᠨ ᠪᠡᠶᠠ ᠪᠡᠷ ᠦᠩᠭᠡᠷᠡᠭᠦᠯᠦᠭᠰᠡᠨ ᠂  ᠨᠢᠳ᠋ᠦ ᠪᠡᠷ ᠦᠵᠡᠵᠦ ᠰᠣᠨᠣᠰᠣᠬᠰᠠᠨ ᠵᠦᠢᠯ  ᠦᠳ ᠪᠣᠯᠬᠤ ᠨᠢ ᠳᠠᠮᠵᠢᠭ ᠦᠭᠡᠢ ᠃ ᠠᠯᠲᠠᠨ ᠬᠠᠭᠠᠨ ᠪᠣᠯ ᠮᠢᠩ ᠤᠯᠣᠰ  ᠦᠨ ᠦᠶᠠ  ᠢᠢᠨ ᠮᠣᠩᠭᠣᠯ  ᠦᠨ ᠲᠡᠦᠬᠡᠨ ᠳᠡᠭᠡᠷᠡᠬᠢ ᠴᠢᠬᠣᠯᠠ ᠬᠦᠮᠦᠨ ᠮᠦᠨ ᠃  ᠲᠡᠬᠦᠨ  ᠦ ᠨᠠᠮᠲᠠᠷ ᠨᠢ ᠮᠢᠩ ᠤᠯᠣᠰ  ᠦᠨ ᠦᠶᠠ  ᠢᠢᠨ ᠮᠣᠩᠭᠣᠯ  ᠦᠨ ᠡᠯᠠ ᠲᠠᠯᠠ ᠳ᠋ᠤ ᠬᠣᠯᠪᠣᠬᠳ᠋ᠠᠳ᠋ᠠᠭ ᠃ ᠲᠣᠰ ᠨᠣᠮ ᠢ ᠠᠯᠲᠠᠨ ᠬᠠᠭᠠᠨ  ᠤ ᠲᠡᠷᠭᠡᠳ᠋ᠡ ᠳ᠋ᠡᠬᠢ ᠬᠦᠮᠦᠨ ᠦᠪᠡᠷ  ᠦᠨ ᠦᠨᠳ᠋ᠦᠰᠦᠲᠡᠨ  ᠦ ᠦᠰᠦᠭ ᠪᠢᠴᠢᠭ  ᠢᠢᠡᠷ ᠪᠢᠴᠢᠭᠰᠡᠨ ᠶᠣᠮ ᠃  ᠲᠣᠰ ᠨᠣᠮ ᠢ ᠲᠣᠭᠣᠷᠪᠢᠵᠦ ᠳᠠᠭᠣᠰᠬᠤ ᠦᠶᠠ ᠳ᠋ᠦ ᠠᠯᠲᠠᠨ ᠬᠠᠭᠠᠨ  ᠤ ᠬᠠᠳ᠋ᠣᠨ ᠰᠠᠨ ᠨᠢᠶᠠᠩᠽᠢ ᠬᠠᠷᠠᠬᠠᠨ ᠠᠮᠢᠳ᠋ᠦ ᠪᠠᠶᠢᠬᠰᠠᠨ ᠲᠣᠯᠠ ᠲᠡᠮᠳ᠋ᠡᠭᠯᠡᠭᠰᠡᠨ ᠦᠢᠯᠡ ᠬᠡᠷᠡᠭ ᠨᠢ ᠨᠠᠶᠢᠳ᠋ᠠᠪᠣᠷᠲᠠᠢ ᠂  ᠲᠡᠦᠬᠡᠨ ᠦᠨᠠ ᠦᠷᠳ᠋ᠡᠭ  ᠢᠢᠡᠷ ᠮᠠᠰᠢ ᠦᠨᠳ᠋ᠦᠷ ᠪᠠᠶᠢᠳ᠋ᠠᠭ ᠃ 
 ᠲᠣᠰ ᠨᠣᠮ  ᠦᠨ ᠤᠣᠯ ᠳᠡᠪᠲᠡᠷ ᠨᠢ 54 ᠰᠣᠳ᠋ᠣᠷ  ᠦᠨ ᠬᠠᠭᠣᠳ᠋ᠠᠰᠣᠨᠠ ᠬᠣᠶᠠᠷ ᠲᠠᠯᠠ ᠳ᠋ᠤ ᠨᠢ ᠬᠣᠯᠣᠰᠣᠨ ᠦᠵᠦᠭ  ᠢᠢᠡᠷ ᠪᠢᠴᠢᠭᠰᠡᠨ 107 ᠨᠢᠭᠣᠷ ᠪᠦᠬᠦᠢ ᠮᠣᠩᠭᠣᠯ ᠦᠰᠦᠭ  ᠦᠨ ᠬᠠᠭᠣᠯᠪᠣᠷᠢ ᠳᠡᠪᠲᠡᠷ ᠪᠣᠯᠣᠨᠠ ᠃ 1958 ᠤᠨ ᠳ᠋ᠤ ᠦᠪᠥᠷ ᠮᠣᠩᠭᠣᠯ  ᠦᠨ ᠪᠠᠷᠠᠭᠣᠨ ᠦᠵᠦᠮᠦᠴᠢᠨ  ᠦ ᠸᠠᠩ  ᠦᠨ ᠤᠷᠳ᠋ᠣᠨ  ᠤ ᠭᠡᠷ  ᠦᠨ ᠰᠦᠮᠠ ᠡᠴᠡ ᠤᠯᠳ᠋ᠠᠪᠠ ᠂  ᠤᠳ᠋ᠦ ᠦᠪᠥᠷ ᠮᠣᠩᠭᠣᠯ  ᠦᠨ ᠨᠡᠶᠢᠭᠡᠮ  ᠦᠨ ᠰᠢᠨᠵᠢᠯᠡᠬᠦ ᠤᠬᠠᠭᠠᠨ  ᠤ ᠬᠦᠷᠢᠶᠡᠯᠡᠩ  ᠦᠨ ᠨᠣᠮ  ᠦᠨ ᠰᠠᠩ ᠳ᠋ᠤ ᠬᠠᠳ᠋ᠠᠭᠠᠯᠠᠬᠳ᠋ᠠᠵᠦ ᠪᠣᠢ ᠃