ᠵᠤᠬᠢᠶᠠᠭᠴᠢ: 
							ᠴᠠᠭ:2018-06-20
							ᠥᠵᠡᠭᠰᠡᠨ :  ℃
                                                        ᠢᠷᠡᠯᠲᠡ: 
						
						
							      ᠡᠮᠤᠨᠡᠬᠢ ᠦᠶᠠ ᠵᠢᠨ ᠨᠢᠭᠡᠨ ᠰᠠᠭᠤᠷᠢᠰᠢᠯ  ᠦᠨ ᠪᠠᠭᠤᠷᠢ ᠵᠢ ᠢᠯᠡᠷᠡᠬᠥᠯᠪᠡ						
						
												
	
 
	 ᠦᠪᠤᠷ ᠮᠤᠩᠭᠤᠯ  ᠦᠨ ᠦᠪᠡᠷᠳ᠋ᠡᠭᠡᠨ ᠵᠠᠰᠠᠬᠤ ᠤᠷᠤᠨ  ᠤ ᠲᠡᠤᠭᠡ ᠵᠢᠨ ᠲᠤᠷᠠᠰᠬᠠᠯᠳ᠋ᠤ ᠵᠦᠢᠯ ᠪᠠ ᠬᠠᠭᠤᠴᠢ ᠰᠤᠳ᠋ᠤᠯᠤᠯ  ᠦᠨ ᠭᠠᠵᠠᠷ ᠦᠢᠷᠠ ᠳ᠋ᠥ ᠤᠯᠠᠭᠠᠨᠬᠠᠳ᠋ᠠ ᠬᠤᠳ᠋ᠠ ᠵᠢᠨ ᠠᠤᠬᠠᠨ ᠬᠤᠰᠢᠭᠤ  ᠴᠢᠨ ᠤᠯᠤᠰ ᠡᠴᠠ ᠡᠮᠤᠨᠡᠬᠢ ᠦᠶᠠ ᠵᠢᠨ ᠨᠢᠭᠡᠨ ᠰᠠᠭᠤᠷᠢᠰᠢᠯ  ᠦᠨ ᠪᠠᠭᠤᠷᠢ ᠵᠢ ᠢᠯᠡᠷᠡᠬᠥᠯᠪᠡ ᠃ ᠲᠡᠤᠭᠡ ᠵᠢᠨ ᠲᠤᠷᠠᠰᠬᠠᠯᠳ᠋ᠤ ᠵᠦᠢᠯ  ᠦᠨ ᠡᠷᠳ᠋ᠡᠮᠳ᠋ᠡᠨ ᠢᠯᠡᠷᠭᠡᠶᠢᠯᠡᠬᠦ ᠳ᠋ᠡᠭᠡᠨ ᠂  ᠲᠤᠰ ᠤᠳ᠋ᠠᠭᠠ ᠵᠢᠨ ᠢᠯᠡᠷᠡᠬᠥᠯᠤᠯᠳ᠋ᠡ ᠨᠢ ᠦᠪᠤᠷ ᠮᠤᠩᠭᠤᠯ  ᠦᠨ ᠵᠡᠬᠥᠨ ᠡᠮᠤᠨᠡᠳ᠋ᠤ ᠬᠡᠰᠡᠭ  ᠦᠨ ᠭᠠᠵᠠᠷ ᠤᠷᠤᠨ  ᠤ ᠬᠦᠷᠡᠯ  ᠦᠶᠠ ᠵᠢᠨ ᠬᠠᠭᠤᠴᠢ ᠰᠤᠳ᠋ᠤᠯᠤᠯ  ᠦᠨ ᠰᠤᠶᠤᠯ  ᠦᠨ ᠰᠤᠳ᠋ᠤᠯᠭᠠᠨ ᠳ᠋ᠥ ᠰᠢᠨᠠ ᠮᠠᠲ᠋ᠧᠷᠢᠶᠠᠯ ᠬᠠᠩᠭᠠᠭᠰᠠᠨ ᠪᠠᠶᠢᠨᠠ ᠭᠡᠵᠠᠢ ᠃  
	
 
	 ᠦᠪᠡᠷᠳ᠋ᠡᠭᠡᠨ ᠵᠠᠰᠠᠬᠤ ᠤᠷᠤᠨ  ᠤ ᠲᠡᠤᠭᠡ ᠵᠢᠨ ᠲᠤᠷᠠᠰᠬᠠᠯᠳ᠋ᠤ ᠵᠦᠢᠯ ᠪᠠ ᠬᠠᠭᠤᠴᠢ ᠰᠤᠳ᠋ᠤᠯᠤᠯ  ᠦᠨ ᠭᠠᠵᠠᠷ  ᠦᠨ ᠬᠤᠯᠪᠤᠬᠳ᠋ᠠᠯ ᠪᠦᠬᠥᠢ ᠲᠤᠰᠬᠠᠢ ᠮᠡᠷᠭᠡᠵᠢᠯᠳ᠋ᠡᠨ ᠲᠠᠨᠢᠯᠴᠠᠭᠤᠯᠬᠤ ᠳ᠋ᠠᠭᠠᠨ ᠂  ᠲᠤᠰ ᠪᠠᠭᠤᠷᠢ ᠨᠢ ᠠᠤᠬᠠᠨ ᠬᠤᠰᠢᠭᠤᠨ  ᠤ ᠯᠢᠨ ᠵᠢᠶᠠ ᠳ᠋ᠢ ᠰᠢᠶᠠᠩ  ᠦᠨ ᠷᠧ ᠱᠦᠢ ᠲᠠᠩ ᠲᠤᠰᠬᠤᠨ  ᠤ ᠪᠠᠷᠠᠭᠤᠨᠳ᠋ᠡᠬᠢ ᠨᠠᠯᠠᠤ ᠪᠠᠯ ᠳ᠋ᠥ ᠤᠷᠤᠰᠢᠵᠤ ᠪᠠᠶᠢᠨᠠ ᠂  ᠪᠠᠭᠤᠷᠢ ᠵᠢᠨ ᠪᠠᠶᠢᠭᠠ ᠭᠠᠵᠠᠷ ᠨᠢ ᠲᠡᠯᠠᠢ ᠵᠢᠨ ᠲᠦᠪᠰᠢᠨ ᠡᠴᠠ 712 ᠮᠧᠲ᠋ᠷ ᠡᠷᠬᠥᠭᠳ᠋ᠡᠵᠤ ᠂  ᠡᠮᠤᠨᠠ ᠪᠡᠶᠠ ᠨᠢ ᠦᠨᠳ᠋ᠤᠷ ᠤᠮᠠᠷᠠ ᠪᠡᠶᠠ ᠨᠢ ᠲᠤᠤᠷᠠ ᠪᠠᠶᠢᠵᠤ ᠂ ᠵᠡᠬᠥᠨ ᠪᠠᠷᠠᠭᠤᠨ ᠬᠤᠶᠠᠷ ᠲᠠᠯᠠ ᠪᠡᠷ ᠵᠢᠡᠨ ᠴᠦᠮ ᠤᠰᠤᠨ ᠳ᠋ᠥ ᠢᠳ᠋ᠡᠭᠳ᠋ᠡᠭᠰᠡᠨ ᠭᠤᠤ ᠲᠠᠢ ᠪᠠᠶᠢᠳ᠋ᠠᠭ ᠃ ᠪᠠᠭᠤᠷᠢ ᠨᠢ ᠡᠮᠤᠨᠠ   150 ᠮᠧᠲ᠋ᠷ ᠤᠷᠳ᠋ᠤ ᠂  ᠵᠡᠬᠥᠨ   100 ᠮᠧᠲ᠋ᠷ ᠦᠷᠭᠡᠨ ᠂  ᠶᠡᠷᠤᠩᠭᠡᠢ ᠲᠠᠯᠠᠪᠠᠢ ᠨᠢ ᠪᠠᠷᠤᠭ 1.5 ᠲᠦᠮᠡᠨ ᠲᠡᠭᠰᠢ ᠲᠦᠷᠪᠡᠯᠵᠢᠨ ᠮᠧᠲ᠋ᠷ ᠪᠠᠶᠢᠨᠠ ᠭᠡᠵᠠᠢ ᠃ 
	
 
	 ᠲᠡᠤᠭᠡ ᠵᠢᠨ ᠲᠤᠷᠠᠰᠬᠠᠯᠳ᠋ᠤ ᠵᠦᠢᠯ ᠪᠠ ᠬᠠᠭᠤᠴᠢ ᠰᠤᠳ᠋ᠤᠯᠤᠯ  ᠦᠨ ᠠᠵᠢᠯᠳ᠋ᠠᠨ ᠨᠡᠶᠢᠳ᠋ᠡ 3 ᠤᠩᠭᠤᠨ ᠢᠯᠡᠷᠡᠬᠥᠯᠦᠭᠰᠡᠨ ᠪᠦᠭᠡᠳ ᠡᠳ᠋ᠡᠭᠡᠷ ᠨᠢ ᠴᠦᠮ ᠤᠷᠳ᠋ᠤ ᠲᠦᠷᠪᠡᠯᠵᠢᠨ ᠬᠡᠯᠪᠡᠷᠢᠳ᠋ᠠᠢ ᠪᠤᠰᠤᠭᠠ ᠨᠦᠭᠡᠳ᠋ᠤ ᠤᠩᠭᠤᠨ ᠪᠤᠯᠤᠨᠠ ᠂  ᠡᠬᠥᠨ ᠳ᠋ᠥ ᠨᠢᠭᠡ ᠨᠢ ᠬᠤᠶᠠᠷ ᠬᠦᠮᠤᠨ ᠢ ᠬᠠᠮᠳ᠋ᠤ ᠤᠷᠤᠰᠢᠭᠤᠯᠤᠭᠰᠠᠨ ᠤᠩᠭᠤᠨ ᠪᠤᠯᠤᠨᠠ ᠂  ᠨᠦᠬᠥᠭᠡ ᠨᠢᠭᠡ ᠵᠢ ᠨᠢ ᠨᠢᠭᠡ ᠲᠠᠰᠤᠯᠭᠠ ᠪᠠᠶᠢᠰᠢᠩ  ᠦᠨ ᠰᠠᠭᠤᠷᠢ ᠵᠢᠨ ᠲᠤᠤᠷᠠ ᠲᠠᠯᠠ ᠡᠴᠠ ᠢᠯᠡᠷᠡᠬᠥᠯᠵᠠᠢ ᠂  ᠲᠤᠰ 3 ᠤᠩᠭᠤᠨ ᠨᠢ ᠴᠦᠮ ᠲᠡᠭᠡᠭᠰᠢ ᠬᠠᠨᠳ᠋ᠤᠭᠤᠯᠵᠤ ᠬᠡᠪᠳ᠋ᠡᠬᠥᠯᠦᠭᠰᠡᠨ ᠮᠠᠶ᠋ᠢᠭ  ᠦᠨ ᠤᠷᠤᠰᠢᠭᠤᠯᠭᠠ ᠪᠤᠯᠤᠨᠠ ᠂  ᠬᠤᠶᠢᠯᠭᠠ ᠵᠢᠨ ᠡᠳ᠋ ᠡᠴᠠ ᠵᠦᠪᠭᠡᠨ ᠨᠢᠭᠡᠨ ᠡᠮᠳ᠋ᠡᠷᠭᠡᠢ ᠸᠠᠭᠠᠷ ᠬᠤᠨᠳ᠋ᠠᠭᠠ ᠤᠯᠳ᠋ᠠᠵᠠᠢ ᠃  
	
 
	 ᠲᠤᠰᠬᠠᠢ ᠮᠡᠷᠭᠡᠵᠢᠯᠳ᠋ᠡᠨ ᠢᠯᠡᠷᠭᠡᠶᠢᠯᠡᠬᠦ ᠳ᠋ᠡᠭᠡᠨ ᠂ ᠮᠠᠯᠳ᠋ᠠᠵᠤ ᠭᠠᠷᠭᠠᠭᠰᠠᠨ ᠸᠠᠭᠠᠷ ᠰᠠᠪᠠ ᠵᠢᠨ ᠬᠡᠯᠪᠡᠷᠢ ᠂  ᠭᠡ ᠤᠭᠠᠯᠵᠠ ᠂  ᠸᠠᠭᠠᠷ  ᠦᠨ ᠴᠢᠨᠠᠷ ᠵᠡᠷᠭᠡ ᠪᠠᠶᠢᠳ᠋ᠠᠯ ᠳ᠋ᠥ ᠵᠠᠳ᠋ᠠᠯᠤᠯᠳ᠋ᠡ ᠬᠢᠬᠦ ᠪᠡᠷ ᠲᠡᠮᠵᠢᠭᠤᠯᠤᠨ ᠂  ᠡᠨᠡ ᠬᠦ ᠪᠠᠭᠤᠷᠢ ᠨᠢ ᠸᠧᠢ ᠶᠢᠩ ᠽᠢ ᠪᠤᠯᠤᠨ ᠰᠢᠶᠠ ᠵᠢᠶᠠ ᠳ᠋ᠢᠶᠠᠨ  ᠤ ᠲᠡᠭᠡᠳ᠋ᠤ ᠲᠠᠪᠬᠤᠷᠭᠠ ᠵᠢᠨ ᠰᠤᠶᠤᠯ  ᠦᠨ ᠬᠤᠶᠠᠷ ᠦᠶᠠ ᠳ᠋ᠥ ᠲᠤᠭᠠᠴᠠᠭᠳ᠋ᠠᠨ ᠂  ᠸᠧᠢ ᠶᠢᠩ ᠽᠢ ᠰᠤᠶᠤᠯ ᠵᠢᠡᠷ ᠭᠤᠤᠯ ᠪᠤᠯᠭᠠᠨᠠ ᠭᠡᠳ᠋ᠡᠭ ᠢ ᠠᠩᠬᠠ ᠠᠯᠬᠤᠮ ᠨᠤᠳ᠋ᠠᠯᠠᠭᠰᠠᠨ ᠪᠠᠶᠢᠨᠠ ᠭᠡᠵᠠᠢ ᠃  
	
 
	 ᠸᠧᠢ ᠶᠢᠩ ᠽᠢ ᠰᠤᠶᠤᠯ ᠪᠤᠯ ᠭᠤᠤᠯᠳ᠋ᠠᠭᠤ ᠳ᠋ᠠ ᠯᠢᠩ ᠾᠧ ᠭᠤᠤᠯ ᠪᠠ ᠰᠢᠶᠤᠤ ᠯᠢᠩ ᠾᠧ ᠭᠤᠤᠯ  ᠦᠨ ᠰᠠᠪᠠ ᠭᠠᠵᠠᠷ ᠵᠢᠡᠷ ᠲᠠᠷᠬᠠᠵᠤ ᠪᠠᠶᠢᠭᠠ ᠬᠦᠷᠡᠯ   ᠦᠶᠠ ᠵᠢᠨ ᠬᠠᠭᠤᠴᠢ ᠰᠤᠳ᠋ᠤᠯᠤᠯ  ᠦᠨ ᠰᠤᠶᠤᠯ ᠪᠤᠯᠤᠨᠠ ᠂  ᠤᠨ ᠵᠢᠯ ᠨᠢ ᠶᠡᠭᠡ ᠲᠦᠯᠤᠪ ᠱᠠᠩ ᠤᠯᠤᠰ  ᠦᠨ ᠰᠡᠬᠥᠯᠴᠢ ᠵᠢᠨ ᠦᠶᠠ ᠪᠤᠯᠤᠨᠠ ᠃