ᠵᠤᠬᠢᠶᠠᠭᠴᠢ: 
							ᠴᠠᠭ:2018-06-20
							ᠥᠵᠡᠭᠰᠡᠨ :  ℃
                                                        ᠢᠷᠡᠯᠲᠡ: 
						
						
							ᠠᠯᠠᠱᠠ  ᠢᠢᠨ  ᠨᠡᠬᠡᠬᠦ ᠮᠡᠷᠭᠡᠵᠢᠯ ᠤᠯᠣᠰ  ᠦᠨ ᠤᠯᠠᠮᠵᠢᠯᠠᠯᠳ᠋ᠦ ᠭᠠᠷ ᠤᠷᠠᠯᠠᠯ ᠢ ᠭᠦᠭᠵᠢᠭᠦᠯᠬᠦ ᠨᠡᠷᠡᠰ ᠲᠦ ᠤᠷᠣᠵᠠᠢ						
						
												
	 ᠤᠶᠢᠷᠠ ᠳ᠋ᠤ ᠂  ᠠᠯᠠᠱᠠ  ᠢᠢᠨ  ᠨᠡᠬᠡᠬᠦ ᠮᠡᠷᠭᠡᠵᠢᠯ ᠨᠢᠭᠡᠳ᠋ᠦᠭᠡᠷ ᠪᠦᠯᠦᠭ  ᠦᠨ ᠤᠯᠣᠰ  ᠦᠨ ᠤᠯᠠᠮᠵᠢᠯᠠᠯᠳ᠋ᠦ ᠭᠠᠷ ᠤᠷᠠᠯᠠᠯ ᠢ ᠭᠦᠭᠵᠢᠬᠦᠯᠬᠦ ᠨᠡᠷᠡᠰ ᠲᠦ ᠤᠷᠣᠵᠦ ᠂  270 ᠭᠠᠷᠣᠢ ᠵᠢᠯ  ᠦᠨ ᠲᠡᠦᠬᠡ ᠲᠠᠢ ᠠᠯᠠᠱᠠ  ᠢᠢᠨ  ᠨᠡᠬᠡᠬᠦ ᠮᠡᠷᠭᠡᠵᠢᠯ ᠲᠦᠷᠦ ᠬᠦᠷᠦᠨ  ᠦ ᠠᠩᠬᠠᠷᠣᠯ  ᠳᠡᠲᠡᠪᠡ ᠃ ᠲᠣᠮᠳ᠋ᠠᠳ᠋ᠦ ᠤᠯᠣᠰ  ᠦᠨ   ᠦᠨ ᠲᠠᠪᠣᠨ ᠲᠣᠮᠦ ᠰᠢᠰᠲ᠋ᠧᠮ  ᠦᠨ ᠨᠢᠭᠡ  ᠬᠡᠮᠡᠭᠳ᠋ᠡᠭᠰᠡᠨ ᠠᠯᠠᠱᠠ  ᠢᠢᠨ  ᠨᠡᠬᠡᠬᠦ ᠮᠡᠷᠭᠡᠵᠢᠯ ᠨᠢ ᠮᠠᠩᠬᠠᠨ ᠨᠣᠳ᠋ᠣᠭ  ᠦᠨ ᠰᠣᠳ᠋ᠣᠨ ᠴᠡᠴᠡᠭ ᠪᠣᠯᠵᠦ ᠂ ᠠᠷᠠᠪ ᠬᠢᠭᠡᠳ ᠪᠡᠭᠡᠵᠢᠩ  ᠦᠨ ᠬᠠᠭᠠᠨ  ᠤ     ᠦᠨ ᠤᠯᠠᠮᠵᠢᠯᠠᠯᠳ᠋ᠦ ᠮᠡᠷᠭᠡᠵᠢᠯ ᠢ ᠤᠯᠠᠮᠵᠢᠯᠠᠵᠦ ᠂ ᠦᠪᠡᠷᠮᠢᠴᠡ ᠤᠨᠴᠠᠯᠢᠭ ᠲᠠᠢ ᠤᠷᠠ ᠬᠢᠴᠡ ᠂ ᠪᠣᠷᠣᠬᠵᠢᠭᠣᠨ ᠭᠣᠶᠣᠮᠰᠣᠭ ᠵᠢᠷᠣᠭ ᠲᠦᠷᠰᠦ ᠳᠠᠶᠠᠩ  ᠳ᠋ᠤ ᠠᠯᠳ᠋ᠠᠷᠰᠢᠵᠠᠢ ᠃    ᠠᠯᠠᠱᠠ  ᠢᠢᠨ  ᠨᠡᠬᠡᠬᠦ ᠮᠡᠷᠭᠡᠵᠢᠯ ᠨᠢ 1736 ᠤᠨ ᠡᠴᠡ   ᠪᠠᠳ᠋ᠠᠷᠠᠭᠣᠯᠳ᠋ᠦ ᠲᠦᠷᠦ  ᠢᠢᠨ ᠦᠶᠠ ᠳ᠋ᠦ ᠹᠠᠩ ᠲᠠᠢ ᠵᠠᠩᠭᠣᠶᠢᠳ᠋ᠠ ᠲᠣᠰᠬᠠᠶᠢᠯᠠᠨ ᠨᠢᠩᠰᠢᠶᠠ ᠳ᠋ᠤ ᠬᠦᠷᠴᠦ  ᠨᠡᠭᠡᠬᠦ ᠮᠡᠷᠭᠡᠵᠢᠯ ᠬᠢᠭᠡᠳ ᠬᠠᠮᠢᠶᠠᠷᠣᠯᠲᠠ  ᠢᠢ ᠰᠣᠷᠴᠦ ᠂ ᠬᠣᠯᠠᠳ᠋ᠠᠬᠢᠨ ᠢ ᠲᠣᠬᠲᠠᠭᠠᠬᠴᠢ ᠬᠣᠷᠢᠶᠠ     ᠳ᠋ᠤ ᠠᠩᠬᠠᠳ᠋ᠠᠬᠴᠢ  ᠨᠡᠬᠡᠬᠦ ᠵᠢᠵᠢᠭ ᠦᠢᠯᠡᠳᠪᠣᠷᠢ  ᠂  ᠳᠡᠭᠡᠷᠠ ᠵᠠᠭᠣᠨ  ᠤ ᠲᠦᠴᠢᠭᠡᠳ ᠤᠨ  ᠤ ᠰᠡᠭᠦᠯᠴᠢ ᠪᠣᠯᠬᠤ ᠳ᠋ᠤ ᠬᠣᠯᠠᠳ᠋ᠠᠬᠢᠨ ᠢ ᠲᠣᠬᠳ᠋ᠠᠭᠠᠬᠴᠢ ᠬᠣᠷᠢᠶᠠ ᠳ᠋ᠤ 20 ᠭᠠᠷᠣᠢ  ᠨᠡᠬᠡᠬᠦ ᠵᠢᠵᠢᠭ ᠦᠢᠯᠡᠳᠪᠣᠷᠢ    ᠂ ᠨᠡᠬᠡᠭᠰᠡᠨ  ᠨᠢ ᠤᠯᠣᠰ  ᠦᠨ ᠲᠣᠳ᠋ᠣᠭᠠᠳ᠋ᠦ ᠭᠠᠳ᠋ᠠᠭᠠᠳ᠋ᠦ ᠳ᠋ᠤ ᠠᠯᠳ᠋ᠠᠷᠰᠢᠵᠦ ᠪᠠᠶᠢᠪᠠ ᠃ ᠠᠬᠠᠮᠠᠳ   ᠦᠨ ᠤᠷᠠᠯᠢᠬᠴᠢᠳ  ᠦᠨ ᠲᠣᠮᠳ᠋ᠠ  ᠡᠷᠲᠡ ᠤᠷᠢᠳ᠋ᠦ  ᠢᠢᠨ ᠴᠠᠭ ᠲᠦ ᠮᠠ ᠲᠦᠧᠧ ᠭᠡᠳ᠋ᠡᠭ ᠰᠢᠨᠵᠢᠶᠠᠩ  ᠦᠨ ᠤᠶᠢᠭᠣᠷ ᠦᠨᠳ᠋ᠦᠰᠦᠲᠡᠨ  ᠦ ᠤᠷᠠᠯᠢᠬᠴᠢᠨ ᠠᠯᠣᠰ ᠬᠣᠯᠠ  ᠢᠢᠨ ᠪᠠᠷᠠᠭᠣᠨ ᠭᠠᠵᠠᠷ ᠡᠴᠠ ᠮᠠᠰᠢ ᠲᠡᠭᠦᠯᠳ᠋ᠡᠷ  ᠨᠡᠬᠡᠬᠦ ᠮᠡᠷᠭᠡᠵᠢᠯ ᠢ ᠰᠣᠷᠴᠣ ᠂  ᠦᠵᠡᠭᠰᠡᠨ ᠪᠦᠭᠦᠳ᠋ᠡ ᠪᠡᠨ ᠭᠣᠶᠢᠳ᠋ᠠ ᠰᠠᠶᠢᠬᠠᠨ ᠨᠡᠭᠡᠵᠦ ᠴᠢᠳ᠋ᠠᠳ᠋ᠠᠭ ᠪᠠᠶᠢᠵᠠᠢ ᠃ ᠬᠣᠵᠢᠮ ᠨᠢ ᠬᠣᠯᠠᠳ᠋ᠠᠬᠢᠨ ᠢ ᠲᠣᠬᠳ᠋ᠠᠭᠠᠬᠴᠢ ᠬᠣᠷᠢᠶᠠ  ᠢᠢᠨ ᠭᠦᠭᠵᠢᠯᠲᠡ  ᠢᠢ ᠳᠠᠭᠠᠯᠳ᠋ᠣᠨ ᠮᠠ ᠲᠦᠧᠧ  ᠨᠡᠬᠡᠬᠦ ᠮᠡᠷᠭᠡᠵᠢᠯ  ᠢᠢᠡᠨ ᠠᠯᠠᠱᠠ ᠳ᠋ᠤ ᠤᠯᠠᠮᠵᠢᠯᠠᠨ ᠠᠪᠴᠢᠷᠠᠬᠰᠠᠨ  ᠭᠡᠬᠦ ᠲᠣᠮᠣᠭ ᠴᠦ  ᠪᠠᠶᠢᠳ᠋ᠠᠭ ᠃ ᠤᠳ᠋ᠦ ᠠᠯᠠᠱᠠ  ᠢᠢᠨ  ᠨᠡᠬᠡᠬᠦ ᠮᠡᠷᠭᠡᠵᠢᠯ  ᠦᠨ ᠭᠠᠷ ᠤᠷᠠᠯᠠᠯ ᠨᠢ ᠭᠣᠣᠯᠳ᠋ᠠᠭᠣ ᠠᠯᠠᠱᠠ ᠵᠡᠭᠦᠨ ᠬᠣᠰᠢᠭᠣᠨ  ᠤ ᠬᠣᠲᠠ ᠪᠠᠯᠭᠠᠰᠣᠨ ᠳ᠋ᠡᠬᠢ ᠦᠢᠯᠡᠳᠪᠣᠷᠢ ᠪᠠ ᠭᠡᠰᠡᠭ ᠲᠣᠭᠠᠨ  ᠤ ᠭᠡᠷ ᠪᠦᠯᠢ  ᠢᠢᠨ ᠤᠯᠠᠮᠵᠢᠯᠠᠯᠳ᠋ᠦ ᠭᠠᠷ ᠤᠷᠠᠯᠠᠯ  ᠦᠨ ᠦᠢᠯᠡᠳᠪᠣᠷᠢᠯᠡᠯ ᠳ᠋ᠤ ᠬᠡᠷᠡᠭᠯᠡᠭᠳ᠋ᠡᠨ ᠂ ᠠᠯᠠᠱᠠ ᠪᠠᠷᠠᠭᠣᠨ ᠬᠣᠰᠢᠭᠣᠨ  ᠤ ᠵᠠᠷᠢᠮ ᠬᠣᠲᠠ ᠪᠠᠯᠭᠠᠰᠣᠨ ᠳ᠋ᠤ ᠲᠣᠰ ᠲᠦᠷᠦᠯ  ᠦᠨ ᠦᠢᠯᠡᠳᠪᠣᠷᠢᠯᠡᠯ ᠡᠷᠬᠢᠯᠡᠭᠳ᠋ᠡᠵᠦ ᠪᠠᠶᠢᠳ᠋ᠠᠭ ᠃ ᠠᠯᠠᠱᠠ  ᠨᠢ ᠬᠠᠷᠢᠮᠠᠬᠠᠢ ᠴᠢᠨᠠᠷ  ᠢᠢᠠᠷ ᠰᠠᠶᠢᠨ ᠂ ᠬᠢᠯᠠᠭᠠᠷ ᠂ ᠬᠡᠷᠡᠭᠯᠡᠭᠰᠡᠨ ᠬᠣᠭᠣᠴᠠᠭᠠ ᠨᠢ   ᠤᠷᠳ᠋ᠦ ᠪᠣᠯ ᠦᠨᠠ ᠦᠷᠲᠡᠭ ᠨᠢ  ᠦᠨᠳ᠋ᠦᠷ ᠵᠡᠷᠭᠡ ᠦᠪᠡᠷᠮᠢᠴᠡ ᠤᠨᠴᠠᠯᠢᠭ ᠲᠠᠢ ᠪᠣᠯᠬᠣᠷ ᠳᠠᠶᠠᠩ  ᠳ᠋ᠤ ᠠᠯᠳ᠋ᠠᠷᠰᠢᠨ ᠂ ᠲᠣᠬᠠᠶᠢᠯᠠᠬᠰᠠᠨ ᠠᠵᠢᠯ ᠡᠷᠬᠢᠯᠡᠭᠰᠡᠳ  ᠦᠨ ᠤᠷᠣᠯᠭᠠ  ᠢᠢ ᠨᠡᠮᠡᠭᠳ᠋ᠡᠭᠦᠯᠦᠭᠰᠡᠨ  ᠢᠢᠡᠷ ᠪᠠᠷᠠᠬᠤ ᠦᠭᠡᠢ ᠭᠠᠳ᠋ᠠᠭᠠᠳ᠋ᠦ ᠪᠣᠷᠣᠯᠠᠭᠣᠯᠣᠬᠳ᠋ᠠᠵᠦ ᠂ ᠠᠯᠠᠱᠠ  ᠢᠢᠨ ᠳᠡᠯᠡᠬᠡᠢ ᠳᠡᠭᠡᠷᠡᠬᠢ ᠨᠡᠷᠠ ᠠᠯᠳ᠋ᠠᠷᠰᠢᠯ ᠢ ᠳᠡᠭᠡᠭᠰᠢᠯᠡᠭᠦᠯᠵᠦ ᠴᠢᠳ᠋ᠠᠵᠠᠢ ᠃ ᠨᠡᠩ ᠴᠢᠬᠤᠯᠠ ᠨᠢ ᠠᠯᠠᠱᠠ  ᠢᠢᠨ  ᠨᠡᠭᠡᠬᠦ ᠮᠡᠷᠭᠡᠵᠢᠯ ᠨᠢ ᠦᠨᠳ᠋ᠦᠰᠦᠲᠡᠨ  ᠦ ᠭᠠᠷ ᠤᠷᠠᠯᠢᠬᠴᠢᠳ  ᠦᠨ ᠤᠷᠠ ᠠᠪᠢᠶᠠᠰ ᠂  ᠤᠷᠠᠯᠢᠭ  ᠦᠨ ᠡᠭᠦᠳ᠋ᠦᠯᠲᠡ  ᠢᠢ ᠢᠯᠡᠷᠡᠭᠦᠯᠵᠦ ᠂  ᠤᠯᠣᠰ  ᠦᠨ ᠰᠣᠶᠣᠯ ᠤᠷᠠᠯᠢᠭ  ᠦᠨ ᠬᠦᠮᠦᠷᠭᠡ ᠳ᠋ᠦ ᠰᠢᠨᠠ ᠠᠭᠣᠯᠬᠤᠨ ᠢ ᠨᠡᠮᠡᠭᠰᠡᠨ ᠪᠠᠶᠢᠨᠠ ᠃ 
 ᠤᠶᠢᠷᠠ  ᠢᠢᠨ ᠵᠢᠯ ᠳ᠋ᠦ ᠂  ᠠᠯᠠᠱᠠ ᠠᠶᠢᠮᠠᠭ ᠠᠯᠠᠱᠠ  ᠢᠢᠨ  ᠨᠡᠬᠡᠬᠦ ᠮᠡᠷᠭᠡᠵᠢᠯ ᠢ ᠦᠪᠯᠡᠨ ᠬᠠᠮᠠᠭᠠᠯᠠᠬᠤ ᠲᠠᠯᠠ ᠪᠠᠷ   ᠵᠢᠷᠣᠭ ᠲᠦᠷᠰᠦ  ᠢᠢ ᠰᠡᠷᠭᠦᠭᠡᠬᠦ ᠂ ᠤᠯᠠᠮᠵᠢᠯᠠᠬᠴᠢ  ᠢᠢ ᠰᠣᠩᠭᠣᠬᠤ ᠂  ᠬᠠᠮᠢᠶᠠ ᠪᠦᠬᠦᠢ ᠲᠣᠬᠠᠶᠢᠯᠠᠬᠰᠠᠨ ᠮᠡᠷᠭᠡᠵᠢᠯ  ᠦᠨ  ᠬᠦᠷᠲᠡᠭᠡᠬᠦ ᠵᠡᠷᠭᠡ ᠪᠣᠳ᠋ᠠᠲᠠᠢ ᠠᠷᠭᠠ ᠬᠡᠮᠵᠢᠶᠠ ᠠᠪᠣᠬᠰᠠᠨ  ᠢᠢᠠᠷ ᠠᠯᠠᠱᠠ  ᠢᠢᠨ  ᠨᠡᠬᠡᠬᠦ ᠮᠡᠷᠭᠡᠵᠢᠯ  ᠦᠨ ᠤᠯᠣᠰ  ᠦᠨ ᠳᠡᠰ  ᠦᠨ ᠪᠣᠳ᠋ᠠᠰ  ᠦᠨ ᠪᠣᠰᠦ ᠰᠣᠶᠣᠯ  ᠦᠨ  ᠤᠯᠠᠮᠵᠢᠯᠠᠬᠴᠢ 1 ᠂  ᠤᠷᠣᠨ  ᠤ ᠲᠡᠰ  ᠦᠨ ᠪᠣᠳ᠋ᠠᠰ  ᠦᠨ ᠪᠣᠰᠦ ᠰᠣᠶᠣᠯ  ᠦᠨ ᠦᠪ  ᠦᠨ ᠤᠯᠠᠮᠵᠢᠯᠠᠬᠴᠢ 4 ᠂  ᠠᠶᠢᠮᠠᠭ  ᠦᠨ ᠲᠡᠰ  ᠦᠨ ᠪᠣᠳ᠋ᠠᠰ  ᠦᠨ ᠪᠣᠰᠦ ᠰᠣᠶᠣᠯ  ᠦᠨ ᠦᠪ  ᠦᠨ ᠤᠯᠠᠮᠵᠢᠯᠠᠬᠴᠢ 20 ᠭᠠᠷᠣᠢ ᠪᠣᠯᠣᠬᠰᠠᠨ ᠪᠠᠶᠢᠨᠠ ᠃ 
 ᠤᠶᠢᠯᠠᠭᠠᠬᠰᠠᠨ  ᠢᠢᠠᠷ ᠂  ᠦᠨᠳ᠋ᠦᠰᠦᠲᠡᠨ  ᠦ   ᠤᠷᠠᠯᠠᠯ ᠢ ᠭᠦᠭᠵᠢᠭᠦᠯᠬᠦ ᠲᠦᠷᠦᠯ ᠵᠦᠢᠯ ᠢ ᠠᠶᠢᠮᠠᠭ  ᠦᠨ 2018 ᠤᠨ  ᠤ ᠭᠣᠣᠯᠳ᠋ᠠᠯᠭᠠᠳ᠋ᠦ ᠲᠦᠷᠦᠯ ᠵᠦᠢᠯ ᠳ᠋ᠦ ᠵᠢᠬᠰᠠᠭᠠᠵᠦ ᠂  ᠡᠭᠦᠨ ᠳ᠋ᠦ ᠠᠯᠠᠱᠠ  ᠢᠢᠨ  ᠨᠡᠬᠡᠬᠦ ᠭᠠᠷ ᠤᠷᠠᠯᠠᠯ ᠪᠠᠬᠲᠠᠵᠦ ᠪᠣᠢ ᠃  ᠠᠯᠠᠱᠠ  ᠢᠢᠨ  ᠨᠡᠬᠡᠬᠦ ᠮᠡᠷᠭᠡᠵᠢᠯ ᠨᠢ ᠪᠣᠳ᠋ᠠᠰ  ᠦᠨ ᠪᠣᠰᠦ ᠰᠣᠶᠣᠯ  ᠦᠨ ᠦᠪ  ᠦᠨ ᠬᠠᠮᠠᠭᠠᠯᠠᠯᠲᠠ ᠳ᠋ᠤ ᠤᠷᠣᠬᠰᠠᠨ  ᠢᠢᠠᠷ ᠪᠠᠷᠠᠬᠤ ᠦᠭᠡᠢ ᠠᠵᠦ ᠠᠬᠣᠢ  ᠢᠢᠨ ᠦᠷᠠ ᠠᠰᠢᠭ ᠦᠨᠳ᠋ᠦᠷ ᠠᠵᠦ ᠦᠢᠯᠡᠰ ᠪᠣᠯᠵᠦ ᠂  ᠮᠠᠩᠬᠠᠨ ᠨᠣᠳ᠋ᠣᠭ  ᠦᠨ ᠰᠣᠳ᠋ᠣᠨ ᠴᠡᠴᠡᠭ ᠬᠡᠮᠡᠨ ᠨᠡᠷᠡᠯᠡᠭᠳ᠋ᠡᠨ ᠳᠡᠯᠡᠬᠡᠢ ᠨᠡᠶᠢᠲᠡ ᠳ᠋ᠦ ᠪᠣᠷᠣᠯᠠᠭᠣᠯᠣᠬᠳ᠋ᠠᠬᠤ ᠬᠠᠨᠳ᠋ᠣᠰᠢ ᠲᠠᠢ ᠪᠦᠭᠡᠳ ᠰᠣᠶᠣᠯ ᠵᠢᠭᠣᠯᠴᠢᠯᠠᠯ  ᠦᠨ ᠲᠡᠮᠳ᠋ᠡᠭᠳ᠋ᠦ ᠪᠦᠳ᠋ᠦᠭᠡᠭᠳ᠋ᠡᠭᠦᠨ ᠪᠣᠯᠵᠦ ᠪᠠᠶᠢᠨᠠ ᠃