ᠵᠤᠬᠢᠶᠠᠭᠴᠢ:
ᠴᠠᠭ:2017-08-28
ᠥᠵᠡᠭᠰᠡᠨ : ℃
ᠢᠷᠡᠯᠲᠡ:
ᠮᠣᠩᠭᠣᠯ ᠭᠤᠲᠤᠯ
ᠮᠣᠩᠭᠣᠯ ᠭᠤᠲᠤᠯ ᠨᠢ ᠪᠥᠰᠭᠤᠲᠤᠯ᠂ ᠠᠷᠠᠰᠤᠨ ᠭᠤᠲᠤᠯ᠂ ᠢᠰᠡᠭᠡᠢ ᠭᠤᠲᠤᠯ ᠭᠡᠵᠤ 3 ᠵᠦᠢᠯ ᠪᠠᠶᠢᠳᠠᠭ᠃

ᠪᠥᠰ ᠭᠤᠲᠤᠯ ᠢ ᠪᠥᠰ ᠢᠶᠠᠷᠬᠢᠳᠡᠭ᠂ ᠭᠤᠲᠤᠯ ᠤᠨ ᠬᠣᠩᠰᠢᠶᠠᠷ ᠪᠣᠯᠣᠨ ᠲᠦᠷᠡᠢ ᠳᠡᠭᠡᠷ᠎ᠡ ᠨᠢ ᠬᠡ ᠣᠭᠠᠯᠵᠠ᠂ ᠴᠡᠴᠡᠭ ᠬᠤᠸᠠᠷ ᠬᠠᠳᠬᠤᠳᠠᠭ᠃ᠮᠣᠩᠭᠣᠯ ᠭᠤᠲᠤᠯ ᠤᠨ ᠭᠠᠳᠠᠷ ᠤᠨ ᠵᠠᠰᠠᠯ ᠨᠢ ᠶᠡᠬᠡ ᠣᠨᠴᠠᠯᠢᠭ ᠲᠠᠢ᠂ ᠡᠯ᠎ᠠ ᠵᠦᠢᠯ ᠦᠨ ᠤᠯᠠᠮᠵᠢᠯᠠᠯᠲᠤ ᠬᠡᠤᠭᠠᠯᠵᠠ ᠬᠠᠳᠬᠤᠳᠠᠭ᠂ ᠬᠡ ᠤᠭᠠᠯᠵᠠ ᠬᠠᠳᠬᠤᠬᠤ ᠦᠭᠡᠢ ᠴᠤ ᠪᠠᠶᠢᠳᠠᠭ᠃ ᠪᠥᠰ ᠭᠤᠲᠤᠯ ᠢ ᠣᠯᠠᠩᠬᠢ ᠳᠠᠭᠠᠨᠡᠮᠡᠭᠲᠡᠶᠢᠴᠦᠳ ᠡᠮᠦᠰᠳᠡᠭ᠃ ᠮᠣᠩᠭᠣᠯᠴᠤᠳ ᠭᠠᠵᠠᠷ ᠵᠦᠢ ᠶᠢᠨ ᠣᠷᠴᠢᠨ ᠲᠣᠭᠣᠷᠢᠨ ᠪᠠ ᠠᠭᠤᠷ ᠠᠮᠢᠰᠬᠤᠯ ᠤᠨᠨᠦᠬᠦᠴᠡᠯ ᠢᠶᠠᠨ ᠦᠨᠳᠦᠰᠦᠯᠡᠨ ᠠᠳᠠᠯᠢ ᠪᠤᠰᠤ ᠬᠡᠯᠪᠡᠷᠢ ᠮᠠᠶ᠋ᠢᠭ ᠤᠨ ᠭᠤᠲᠤᠯ ᠬᠢᠳᠡᠭ᠃ ᠠᠷᠠᠰᠤᠨ ᠭᠤᠲᠤᠯ ᠢᠦᠬᠡᠷ ᠦᠨ ᠠᠷᠠᠰᠤ ᠪᠠᠷ ᠬᠢᠵᠤ᠂ ᠰᠢᠨ᠎ᠡ ᠬᠠᠭᠤᠴᠢᠨ ᠬᠣᠶᠠᠷ ᠵᠦᠢᠯ ᠦᠨ ᠬᠡᠯᠪᠡᠷᠢ ᠮᠠᠶ᠋ᠢᠭ ᠪᠠᠶᠢᠳᠠᠭ᠃ᠬᠠᠭᠤᠴᠢᠨ ᠮᠠᠶ᠋ᠢᠭ ᠤᠨ ᠭᠤᠲᠤᠯ ᠢ ᠪᠤᠯᠢᠭᠠᠷᠢ ᠠᠷᠠᠰᠤ ᠪᠠᠷ ᠬᠢᠵᠤ᠂ ᠬᠣᠩᠰᠢᠶᠠᠷ ᠨᠢ ᠡᠷᠲᠡᠭᠡᠷ᠂ ᠲᠦᠷᠡᠢᠨᠢ ᠨᠢᠭᠡ ᠲᠣᠬᠣᠢ ᠢᠯᠡᠭᠦᠦ ᠦᠨᠳᠦᠷ᠂ ᠮᠣᠷᠢᠨ ᠲᠤᠭᠤᠷᠠᠢ ᠶᠢᠨ ᠬᠡᠯᠪᠡᠷᠢ ᠲᠠᠢ᠂ ᠤᠯᠠ ᠨᠢ ᠵᠤᠵᠠᠭᠠᠨ᠂ ᠴᠦᠯᠭᠠᠵᠠᠷ ᠢᠶᠠᠷ ᠶᠠᠪᠤᠬᠤ ᠳᠤ ᠲᠣᠬᠢᠲᠠᠢ ᠪᠠᠶᠢᠳᠠᠭ᠃ ᠴᠢᠭᠢᠭᠯᠢᠭ ᠭᠣᠪᠢ ᠭᠠᠵᠠᠷ ᠡᠮᠦᠰᠬᠦ ᠭᠤᠲᠤᠯ ᠤᠨᠬᠣᠩᠰᠢᠶᠠᠷ ᠨᠢ ᠡᠷᠲᠡᠭᠡᠷ ᠪᠢᠰᠢ ᠪᠦᠭᠡᠳ ᠤᠯᠠ ᠨᠢ ᠲᠡᠭᠰᠢᠬᠡᠨ ᠪᠠᠶᠢᠳᠠᠭ᠃ ᠰᠢᠨ᠎ᠡ ᠮᠠᠶ᠋ᠢᠭ ᠤᠨᠭᠤᠲᠤᠯ ᠢ ᠪᠠᠰᠠ ᠰᠡᠪᠬᠢᠨ ᠭᠤᠲᠤᠯ ᠭᠡᠳᠡᠭ᠃ ᠢᠰᠡᠭᠡᠢᠭᠤᠲᠤᠯ ᠢ ᠪᠣᠯ ᠬᠣᠨᠢᠨ ᠤ ᠨᠣᠣᠰᠣ ᠪᠠᠷ ᠬᠢᠳᠡᠭ᠃ ᠡᠪᠦᠯ ᠦᠨ ᠴᠠᠰᠤ ᠮᠦᠰᠦ ᠲᠠᠢ ᠣᠷᠴᠢᠨ ᠲᠣᠭᠣᠷᠢᠨ ᠳᠤᠬᠥᠳᠡᠯᠮᠦᠷᠢᠯᠡᠬᠦ᠂ ᠶᠠᠪᠤᠵᠤ ᠰᠠᠭᠤᠬᠤ ᠪᠤᠶᠤ ᠮᠣᠷᠢ ᠤᠨᠠᠬᠤ ᠳᠤ ᠢᠰᠡᠭᠡᠢ ᠭᠤᠲᠤᠯ ᠡᠮᠦᠰᠪᠡᠯ ᠳᠤᠯᠠᠭᠠᠨ ᠢᠬᠠᠮᠠᠭᠠᠯᠠᠵᠤ ᠴᠢᠳᠠᠬᠤ ᠮᠥᠷᠲᠡᠭᠡᠨ ᠮᠣᠷᠢ ᠤᠨᠠᠬᠤ ᠦᠶ᠎ᠡ ᠳᠦ ᠬᠥᠯ ᠢ ᠬᠠᠮᠠᠭᠠᠯᠠᠵᠤ ᠴᠢᠳᠠᠨ᠎ᠠ᠃

ᠮᠣᠩᠭᠣᠯ ᠭᠤᠲᠤᠯ ᠤᠨ ᠬᠢᠴᠡ ᠨᠢᠡᠪᠯᠢᠭ ᠲᠣᠬᠢᠲᠠᠢ᠃ ᠦᠬᠡᠷ ᠦᠨ ᠠᠷᠠᠰᠤ ᠶᠢ ᠡᠯᠳᠡᠵᠦ ᠭᠤᠲᠤᠯ ᠤᠨ ᠵᠤᠯᠤᠭ ᠬᠢᠵᠦ᠂ ᠨᠠᠷᠢᠨ ᠣᠯᠣᠰᠤᠨᠤᠲᠠᠰᠤ ᠪᠠᠷ ᠰᠢᠷᠢᠮᠡᠯ ᠤᠯᠠ ᠣᠶᠣᠵᠤ᠂ ᠡᠭᠦᠯᠡᠨ ᠤᠭᠠᠯᠵᠠ ᠤᠷᠠᠯᠠᠨ ᠭᠤᠷᠪᠠ ᠪᠠᠷ ᠬᠠᠪᠴᠢᠵᠤ ᠬᠢᠳᠡᠭ᠃