ᠵᠤᠬᠢᠶᠠᠭᠴᠢ:
ᠴᠠᠭ:2017-07-06
ᠥᠵᠡᠭᠰᠡᠨ : ℃
ᠢᠷᠡᠯᠲᠡ:
ᠬᠣᠲᠠ ᠪᠠᠯᠭᠠᠰᠤᠨ ᠤ ᠤᠯᠠᠷᠢᠯᠲᠠ᠄ ᠲᠤᠮᠳᠠᠳᠤ ᠢᠷᠭᠡᠨ ᠤᠯᠤᠰ ᠤᠨ ᠦᠶ᠎ᠡ ᠶᠢᠨ ᠪᠠᠶᠢᠭᠤᠯᠤᠮᠵᠢ ᠶᠢᠨ ᠤᠯᠠᠷᠢᠯᠲᠠ (ᠨᠢᠭᠡ)
1911ᠣᠨ ᠳᠤ᠂ ᠰᠦᠨ ᠵᠥᠩ ᠱᠠᠨ ᠤ ᠤᠳᠤᠷᠢᠳᠤᠭᠰᠠᠨ ᠴᠠᠭᠠᠭᠴᠢᠨ ᠭᠠᠬᠠᠢ ᠵᠢᠯ ᠦᠨᠠᠷᠠᠳᠴᠢᠯᠠᠭᠰᠠᠨ ᠬᠤᠪᠢᠰᠬᠠᠯ ᠢᠯᠠᠯᠲᠠ ᠣᠯᠵᠤ᠂ ᠬᠣᠶᠠᠷ ᠮᠢᠩᠭᠠᠳ ᠵᠢᠯ ᠦᠨ ᠹᠸᠤᠳᠠᠯ ᠤᠨ ᠬᠠᠭᠠᠨᠲᠤᠪᠠᠶᠢᠭᠤᠯᠤᠯ ᠢ ᠲᠦᠯᠬᠢᠨ ᠤᠨᠠᠭᠠᠵᠤ᠂ ᠳᠤᠮᠳᠠᠳᠤ ᠢᠷᠭᠡᠨ ᠤᠯᠤᠰ ᠪᠠᠶᠢᠭᠤᠯᠤᠭᠳᠠᠪᠠ᠃ ᠳᠤᠮᠳᠠᠳᠤ ᠢᠷᠭᠡᠨᠤᠯᠤᠰ ᠴᠢᠩ ᠤᠯᠤᠰ ᠤᠨ ᠪᠠᠶᠢᠭᠤᠯᠤᠮᠵᠢ ᠶᠢ ᠳᠠᠭᠠᠵᠤ᠂ ᠢᠷᠭᠡᠨ ᠤᠯᠤᠰ ᠤᠨ ᠲᠡᠷᠢᠭᠦᠨ ᠣᠨ (1912 ᠣᠨ) ᠳᠤ᠂ᠰᠦᠢᠶᠤᠸᠠᠨ ᠬᠣᠲᠠ ᠳᠤ ᠵᠠᠩᠵᠤᠨ ᠲᠣᠬᠢᠷᠠᠭᠤᠯᠵᠤ᠂ ᠭᠦᠢ ᠬᠤᠸᠠ᠂ ᠲᠣᠭᠲᠠᠬᠤ᠂ ᠰᠠᠭᠠᠯᠢᠴᠢᠨ᠂ ᠬᠣᠷᠢᠨᠭᠡᠷ᠂ᠴᠢᠩ ᠱᠦᠢ ᠾᠧ᠂ ᠦᠴᠦᠸᠠᠨ᠂ ᠨᠢᠩ ᠶᠤᠸᠠᠨ᠂ ᠰᠢᠩᠾᠧ᠂陶林᠂ ᠹᠧᠩᠵᠧᠨ᠂ ᠦᠶᠤᠸᠠᠨ᠂ ᠳ᠋ᠦᠩᠱᠧᠩ ᠵᠡᠷᠭᠡ ᠭᠠᠵᠠᠷ ᠤᠨ12ᠠᠷᠠᠳ ᠢ ᠲᠥᠪᠬᠢᠨᠡᠭᠦᠯᠬᠦ ᠲᠢᠩᠬᠢᠮ ᠂ ᠤᠯᠠᠭᠠᠨᠴᠠᠪ ᠠᠶᠢᠮᠠᠭ ᠤᠨ ᠳᠥᠷᠪᠡᠳ ᠬᠤᠰᠢᠭᠤ᠂ ᠳᠠᠷᠬᠠᠨ ᠬᠣᠰᠢᠭᠤ᠂ᠮᠤᠤᠮᠢᠩᠭᠠᠨ ᠬᠣᠰᠢᠭᠤ᠂ 西公旗、中公旗、东公旗 ᠵᠡᠷᠭᠡ 6 ᠬᠣᠰᠢᠭᠤ᠂ ᠶᠡᠬᠡ ᠵᠤᠤᠠᠶᠢᠮᠠᠭ ᠤᠨ ᠵᠦᠩᠭᠠᠷ ᠬᠣᠰᠢᠭᠤ᠂郡王旗、 ᠳᠠᠯᠠᠳᠬᠣᠰᠢᠭᠤ᠂ ᠣᠲᠣᠭ ᠬᠣᠰᠢᠭᠤ᠂ ᠦᠦᠰᠢᠨ ᠬᠣᠰᠢᠭᠤ᠂ ᠬᠠᠩᠬᠢᠨ ᠬᠣᠰᠢᠭᠤ᠂ ᠵᠠᠰᠠᠭ ᠬᠣᠰᠢᠭᠤ ᠵᠡᠷᠭᠡ 7 ᠬᠣᠰᠢᠭᠤᠵᠢᠴᠢ ᠭᠦᠢ ᠬᠤᠸᠠ ᠬᠣᠲᠠ ᠶᠢᠨ ᠲᠦᠮᠡᠳ ᠬᠣᠰᠢᠭᠤ ᠨᠤᠭᠤᠳ ᠢ ᠬᠢᠨᠠᠨ ᠬᠢᠵᠠᠭᠠᠷᠯᠠᠵᠤ ᠪᠠᠶᠢᠵᠠᠢ᠃ ᠡᠭᠦᠨ ᠳᠦ᠂ 12 ᠠᠷᠠᠳ ᠢ ᠲᠥᠪᠬᠢᠨᠡᠭᠦᠯᠬᠦᠲᠢᠩᠬᠢᠮ ᠢ ᠱᠠᠨ ᠰᠢ ᠮᠤᠵᠢ ᠶᠢᠨ ᠰᠦᠢᠶᠦᠸᠠᠨ ᠳ᠋ᠣᠣ ᠡᠴᠡ ᠵᠠᠰᠠᠭᠵᠠᠬᠢᠷᠭᠠᠨ ᠤ ᠬᠠᠮᠢᠶᠠᠷᠤᠯᠲᠠ ᠶᠢᠨ ᠡᠷᠬᠡ ᠶᠢ ᠬᠡᠷᠡᠭᠵᠢᠭᠦᠯᠵᠦ ᠪᠠᠶᠢᠵᠡᠢ᠃
1912 ᠣᠨ ᠤ 5 ᠰᠠᠷ᠎ᠠ ᠳᠤ᠂ ᠦᠶᠤᠸᠠᠨ ᠰᠢᠶᠠᠨ ᠤ ᠠᠩᠬᠠᠳᠠᠭᠴᠢ ᠰᠢᠶᠠᠨ ᠤᠬᠡᠷᠡᠭ ᠮᠡᠳᠡᠭᠴᠢ ᠸᠠᠩ ᠵᠦᠸᠧ ᠹᠦ᠋᠂ ᠠᠷᠤ ᠲᠣᠬᠣᠢ ᠶᠢᠨ ᠪᠦᠬᠦ ᠭᠠᠵᠠᠷ᠂ ᠦᠶᠤᠸᠠᠨ ᠰᠢᠶᠠᠨ ᠤ ᠬᠠᠷᠢᠶᠠᠲᠤ ᠤᠷᠠᠳ ᠬᠣᠰᠢᠭᠤᠵᠢᠴᠢ ᠦᠴᠦᠸᠠᠨ ᠤ ᠪᠠᠷᠠᠭᠤᠨ ᠵᠠᠭᠠᠭ ᠳᠠᠬᠢ ᠮᠤᠤᠮᠢᠩᠭᠠᠨ ᠬᠣᠰᠢᠭᠤ ᠶᠢ ᠨᠡᠶᠢᠯᠡᠭᠦᠯᠦᠨ ᠭᠦᠶᠠᠩ ᠳᠤᠲᠣᠪᠴᠢᠶᠠ ᠪᠠᠶᠢᠭᠤᠯᠵᠠᠢ᠃ ᠢᠷᠭᠡᠨ ᠤᠯᠤᠰ ᠤᠨ 10 ᠣᠨ (1921 ᠣᠨ) ᠳᠤ᠂ ᠳᠠᠯᠠᠳᠬᠣᠰᠢᠭᠤ ᠪᠣᠯᠣᠨ ᠤᠷᠠᠳ ᠬᠣᠰᠢᠭᠤ ᠶᠢᠨᠡᠶᠢᠯᠡᠭᠦᠯᠦᠨ ᠪᠤᠭᠤᠲᠤ ᠳᠤ ᠲᠣᠪᠴᠢᠶ᠎ᠠ ᠪᠠᠶᠢᠭᠤᠯᠵᠠᠢ᠃ ᠢᠷᠭᠡᠨ ᠤᠯᠤᠰ ᠤᠨ14 ᠣᠨ (1925 ᠣᠨ) ᠳᠤ᠂ᠤᠷᠠᠳ ᠬᠣᠰᠢᠭᠤᠨ ᠤ ᠳ᠋ᠠ ᠱᠧ ᠲᠠᠢ ᠳᠤ ᠪᠠᠶᠢᠭᠤᠯᠵᠤ᠂ ᠬᠠᠩᠬᠢᠨ ᠬᠣᠰᠢᠭᠤ᠂ ᠳᠠᠯᠠᠳᠬᠣᠰᠢᠭᠤ᠂ ᠤᠷᠠᠳ ᠤᠨ ᠡᠮᠦᠨᠡᠲᠦ ᠬᠣᠰᠢᠭᠤ ᠶᠢ ᠨᠡᠶᠢᠯᠡᠭᠦᠯᠦᠨ ᠯᠢᠨᠾᠧ ᠳᠦ ᠲᠣᠪᠴᠢᠶ᠎ᠠ ᠪᠠᠶᠢᠭᠤᠯᠵᠠᠢ᠃