ᠵᠤᠬᠢᠶᠠᠭᠴᠢ: 
							ᠴᠠᠭ:2017-05-27
							ᠥᠵᠡᠭᠰᠡᠨ :  ℃
                                                        ᠢᠷᠡᠯᠲᠡ: 
						
						
							ᠮᠣᠩᠭᠣᠯ ᠦᠨᠳᠦᠰᠦᠲᠡᠨ  ᠦ ᠤᠯᠠᠮᠵᠢᠯᠠᠯᠲᠤ ᠬᠡᠮᠵᠢᠭᠦᠷ						
						
												
	ᠤᠷᠲᠤ  ᠶᠢᠨ ᠬᠡᠮᠵᠢᠭᠦᠷ 
	ᠮᠣᠩᠭᠣᠯᠴᠤᠳᠤᠷᠲᠤ  ᠶᠢ ᠬᠡᠮᠵᠢᠬᠦ  ᠳᠡᠬᠡᠨ ᠬᠦᠮᠦᠨ  ᠦ ᠪᠡᠶᠡ᠂ ᠭᠠᠷ ᠬᠥᠯ  ᠦᠨ ᠬᠡᠮᠵᠢᠶᠡ  ᠶᠢ ᠠᠰᠢᠭᠯᠠᠨ ᠂ ᠮᠠᠯ ᠤᠨ ᠪᠡᠶᠡ  ᠶᠢᠨ ᠬᠡᠮᠵᠢᠶᠡ ᠲᠠᠢ ᠬᠠᠷᠭᠤᠭᠤᠯᠵᠤ᠂ ᠬᠥᠮᠥᠨ᠂ ᠮᠠᠯ ᠤᠨ ᠲᠣᠭᠲᠠᠭᠰᠠᠨ ᠬᠤᠭᠤᠴᠠᠭᠠᠨ  ᠳᠤᠶᠠᠪᠤᠬᠤ ᠵᠠᠮ ᠲᠠᠢ ᠬᠠᠷᠢᠴᠠᠭᠤᠯᠬᠤ᠂ ᠡᠳᠦᠷ ᠳᠤᠲᠤᠮ  ᠤᠨ ᠠᠮᠢᠳᠤᠷᠠᠯ  ᠳᠤ ᠬᠡᠷᠡᠭᠯᠡᠳᠡᠭ ᠡᠳ᠋ ᠵᠦᠢᠯ ᠲᠠᠢᠵᠢᠱᠢᠬᠦ ᠵᠡᠷᠭᠡ ᠦᠨᠳᠦᠰᠦᠨ ᠠᠷᠭᠠ  ᠶᠢ ᠬᠡᠷᠡᠭᠯᠡᠵᠦ ᠪᠠᠶᠢᠵᠠᠢ᠃
	ᠵᠢᠱᠢᠶᠡᠯᠡᠪᠡᠯ᠄
	
	ᠲᠤᠭᠤᠯ ᠤᠨ ᠪᠡᠯᠴᠢᠭᠡᠷ ᠄ 500 ᠮᠧᠲᠷ --1 ᠺᠢᠯᠣᠮᠧᠲᠷ ᠣᠷᠴᠢᠮ
	ᠬᠣᠨᠢᠨ ᠤ ᠪᠡᠯᠴᠢᠭᠡᠷ ᠄ 1--1.5 ᠺᠢᠯᠣᠮᠧᠲᠷ
	ᠠᠷᠭᠠᠮᠵᠢᠶᠠᠨ ᠤ ᠪᠡᠯᠴᠢᠭᠡᠷ ᠄ 20 -- 50 ᠮᠧᠲᠷ
	ᠠᠳᠤᠭᠤᠨ ᠤ  ᠪᠡᠯᠴᠢᠭᠡᠷ ᠄ 4 --10 ᠺᠢᠯᠣᠮᠧᠲᠷ
	ᠬᠠᠭᠠᠰᠡᠳᠦᠷ ᠦᠨ ᠭᠠᠵᠠᠷ ᠄ 4 --10 ᠺᠢᠯᠣᠮᠧᠲᠷ
	ᠪᠦᠲᠦᠨᠡᠳᠦᠷ ᠦᠨ ᠭᠠᠵᠠᠷ ᠄ 90 --100 ᠺᠢᠯᠣᠮᠧᠲᠷ
	ᠬᠣᠨᠤᠭ ᠦᠨᠭᠠᠵᠠᠷ ᠄ 120 --130 ᠺᠢᠯᠣᠮᠧᠲᠷ
	ᠵᠠᠭᠤᠷᠠᠬᠣᠨᠤᠭ   ᠤᠨ ᠭᠠᠵᠠᠷ ᠄ 210 -- 220 ᠺᠢᠯᠣᠮᠧᠲᠷ
	ᠠᠯᠬᠤᠮ᠄ 1 ᠮᠧᠲᠷ    ᠲᠣᠬᠣᠢ ᠄ 40cm    ᠮᠤᠬᠤᠷ ᠲᠣᠬᠣᠢ ᠄ 33cm
	ᠠᠯᠳᠠ᠄1.5cm   ᠲᠥᠭᠡ : 20cm ᠮᠤᠬᠤᠷ ᠲᠥᠭᠡ :19cm
	ᠦᠵᠦᠭᠦᠷᠲᠥᠭᠡ ᠰᠦᠬᠦᠮ : 18cm  ᠮᠤᠬᠤᠷ ᠰᠦᠬᠦᠮ᠄12  --15cm
	ᠬᠤᠷᠤᠭᠤ: 2cm   ᠢᠮᠠᠬᠤ : 3.5cm
	1ᠪᠠᠷᠠ ᠳᠤ᠄4 ᠭᠦᠷᠦᠮ 1 ᠭᠦᠷᠦᠮ ᠳᠦ ᠄ 2000 ᠠᠯᠳᠠ
	1ᠠᠯᠳᠠ ᠳᠤ᠄ 4 ᠲᠣᠬᠣᠢ  1ᠲᠣᠬᠣᠢ  ᠳᠦ 20 ᠬᠤᠷᠤᠭᠤᠵᠡᠷᠭᠡ᠃
	
	ᠬᠦᠨᠳᠦ  ᠶᠢᠨ ᠬᠡᠮᠵᠢᠭᠦᠷ 
	ᠮᠣᠩᠭᠣᠯᠴᠤᠳᠳᠠᠩᠰᠠ᠂ ᠲᠠᠪᠠᠭ  ᠤᠨ ᠵᠢᠩ᠂ ᠮᠣᠷᠢᠨ ᠵᠢᠩ  ᠶᠢ ᠠᠰᠢᠭᠯᠠᠵᠤ ᠬᠦᠨᠳᠦ  ᠶᠢ ᠬᠡᠮᠵᠢᠳᠡᠭ᠃ ᠬᠦᠨᠳᠦ  ᠶᠢᠬᠡᠮᠵᠢᠬᠦ ᠨᠢᠭᠡᠴᠢ  ᠶᠢ ᠺᠢᠯᠣᠭ᠍ᠷᠠᠮ ᠲᠠᠢ ᠬᠠᠷᠢᠴᠠᠭᠤᠯᠪᠠᠯ᠄
	ᠵᠢᠩ= 596.816 ᠭᠷᠡᠮ
	ᠯᠠᠩ= 37.301 ᠭᠷᠡᠮ
	ᠴᠢᠨ= 3.7301 ᠭᠷᠡᠮ
	
	ᠢᠷᠡᠯᠲᠡ᠄ᠰᠦᠯᠵᠢᠶᠡ