ᠵᠤᠬᠢᠶᠠᠭᠴᠢ: 
							ᠴᠠᠭ:2017-05-13
							ᠥᠵᠡᠭᠰᠡᠨ :  ℃
                                                        ᠢᠷᠡᠯᠲᠡ: 
						
						
							ᠦᠪ ᠰᠣᠶᠣᠯ  ᠢᠢᠠᠨ ᠲᠦᠭᠡᠭᠡᠨ ᠳᠡᠯᠭᠡᠷᠡᠭᠦᠯᠬᠦ  ᠪᠣᠷᠵᠢᠨ ᠦᠨᠳ᠋ᠦᠰᠦᠲᠡᠨ  ᠦ ᠰᠣᠶᠣᠯ  ᠦᠨ ᠦᠵᠡᠭᠦᠯᠦᠯᠭᠡ  ᠢᠢᠨ ᠲᠢᠩᠭᠢᠮ ᠪᠠᠶᠢᠭᠣᠯᠣᠬᠳ᠋ᠠᠯᠠ						
						
												
	ᠠᠯᠠᠱᠠ ᠵᠠᠬᠦᠨ ᠬᠣᠰᠢᠭᠣᠨ ᠤ ᠴᠣᠬᠲᠦᠬᠦ᠋ᠷᠢᠶᠠ ᠰᠣᠮᠣᠨ ᠤᠡᠮᠦᠨᠡᠭᠣᠣᠯ ᠭᠠᠴᠠᠭᠠ ᠪᠠᠷ ᠨᠣᠳ᠋ᠣᠬᠲᠠᠢ ᠮᠠᠯᠴᠢᠨ ᠵᠠᠯᠠᠭᠣ ᠪᠣᠷᠵᠢᠨᠴᠢᠯᠠᠭᠤ ᠪᠠᠶᠠᠨᠬᠤᠲᠠ  ᠢᠢᠨᠬᠣᠯᠠᠳ᠋ᠠᠬᠢᠨ ᠢ ᠲᠣᠬᠲᠠᠭᠠᠬᠴᠢ ᠬᠣᠷᠢᠶᠠ  ᠢᠢᠨ ᠰᠣᠶᠣᠯᠵᠢᠭᠣᠯᠴᠢᠯᠠᠯ  ᠦᠨ ᠦᠢᠯᠡᠰ ᠪᠦᠳ᠋ᠦᠭᠡᠬᠦ ᠬᠦᠷᠢᠶᠡᠯᠡᠩ ᠳ᠋ᠦ ᠪᠣᠷᠵᠢᠨᠦᠨᠳ᠋ᠦᠰᠦᠲᠡᠨ  ᠦ ᠰᠣᠶᠣᠯ  ᠦᠨᠦᠵᠡᠭᠦᠯᠦᠯᠭᠡ  ᠢᠢᠨ ᠲᠢᠩᠭᠢᠮ ᠪᠠᠶᠢᠭᠣᠯᠵᠤ ᠂ ᠬᠣᠷᠢᠶᠠᠨ ᠴᠣᠬᠯᠠᠭᠣᠯᠣᠬᠰᠠᠨ ᠦᠨᠳ᠋ᠣᠰᠦᠲᠡᠨ ᠤ ᠡᠳ᠋ᠯᠡᠯ ᠬᠡᠷᠡᠭᠰᠡᠯ ᠢᠢᠠᠨ ᠦᠨᠠ ᠲᠦᠯᠥᠪᠦᠷᠢᠦᠭᠡᠢ ᠪᠡᠷ ᠳᠡᠯᠭᠡᠨ ᠦᠵᠡᠭᠦᠯᠵᠦ ᠪᠠᠶᠢᠨᠠ ᠃
	
	ᠪᠣᠷᠵᠢᠨᠴᠢᠯᠠᠭᠤ ᠪᠣᠯ ᠬᠠᠷᠠᠬᠠᠨ ᠪᠠᠭᠠ ᠡᠴᠠ ᠪᠠᠨ ᠡᠪᠦᠭᠡ ᠠᠪᠦᠪᠠ ᠡᠵᠢ  ᠢᠢᠨ  ᠢᠢᠡᠨ ᠨᠦᠯᠦᠭᠡ ᠪᠡᠷ ᠬᠠᠭᠣᠴᠢᠨ  ᠤ ᠡᠳ᠋ᠯᠡᠯ ᠬᠡᠷᠡᠭᠰᠡᠯ ᠢ ᠬᠣᠷᠢᠶᠠᠨ ᠴᠣᠬᠯᠠᠭᠣᠯᠬᠤᠲᠣᠷᠠᠲᠠᠢ ᠪᠣᠯᠣᠬᠰᠠᠨ ᠪᠦᠭᠡᠳ ᠬᠣᠷᠢᠶᠠᠨ ᠴᠣᠬᠯᠠᠭᠣᠯᠬᠤ ᠠᠵᠢᠯ  ᠢᠢᠠᠨ ᠶᠡᠷᠦ ᠡᠴᠡ ᠤᠷᠬᠢᠬᠳ᠋ᠠᠭᠣᠯᠣᠬᠰᠠᠨᠦᠭᠡᠢ ᠃ ᠲᠡᠷᠡᠪᠡᠷ ᠶᠠᠫᠦᠨ ᠤᠯᠣᠰ ᠲᠦ 5 ᠵᠢᠯ ᠠᠵᠤ ᠠᠬᠤᠢ  ᠢᠢᠨ ᠮᠡᠷᠭᠡᠵᠢᠯ ᠰᠣᠷᠣᠯᠴᠠᠭᠠᠳ 2007 ᠤᠨᠳ᠋ᠤ ᠨᠣᠳ᠋ᠣᠭ ᠳᠠᠭᠠᠨ ᠪᠣᠴᠠᠬᠰᠠᠨ  ᠤ ᠳᠠᠷᠠᠭᠠ ᠦᠨᠳ᠋ᠦᠰᠦᠳ᠋ᠡᠨ  ᠦ ᠤᠯᠠᠮᠵᠢᠯᠠᠯᠲᠦ ᠰᠣᠶᠣᠯ  ᠢᠢᠠᠨᠲᠦᠭᠡᠭᠡᠨ ᠳᠡᠯᠭᠡᠷᠡᠬᠦᠯᠬᠦ ᠂ ᠤᠬᠠᠭᠣᠯᠣᠨ ᠤᠶᠢᠯᠠᠭᠠᠭᠣᠯᠬᠤ ᠂ ᠠᠪᠣᠷᠠᠨ ᠬᠦᠭᠵᠢᠭᠦᠯᠬᠦ ᠵᠣᠷᠢᠯᠭᠠ ᠪᠠᠷᠡᠨᠡᠬᠦ 120 ᠲᠡᠭᠰᠢ ᠲᠦᠷᠪᠡᠯᠵᠢᠨ ᠮᠧᠲ᠋ᠷ ᠲᠠᠯᠠᠪᠠᠢ ᠲᠠᠢᠪᠣᠷᠵᠢᠨ ᠦᠨᠳ᠋ᠦᠰᠦᠲᠡᠨ  ᠦ ᠰᠣᠶᠣᠯ  ᠦᠨᠦᠵᠡᠭᠦᠯᠦᠯᠭᠡ  ᠢᠢᠨ ᠲᠢᠩᠭᠢᠮ ᠢ ᠪᠠᠶᠢᠭᠣᠯᠣᠬᠰᠠᠨ ᠪᠠᠶᠢᠨᠠ ᠃
	
	ᠪᠣᠷᠵᠢᠨᠴᠢᠯᠠᠭᠤ ᠪᠣᠷᠵᠢᠨᠦᠨᠳ᠋ᠦᠰᠦᠲᠡᠨ  ᠦ ᠰᠣᠶᠣᠯ  ᠦᠨᠦᠵᠡᠭᠦᠯᠦᠯᠭᠡ  ᠢᠢᠨ ᠲᠢᠩᠭᠢᠮ ᠪᠠᠶᠢᠭᠣᠯᠣᠬᠰᠠᠨ ᠲᠣᠬᠠᠢ ᠪᠠᠨ ᠰᠣᠷᠪᠣᠯᠵᠢᠯᠠᠬᠴᠢ ᠳ᠋ᠤ ᠄  ᠪᠢ ᠪᠣᠯᠬᠠᠷᠠᠬᠠᠨ ᠪᠠᠭᠠ ᠡᠴᠠ ᠪᠠᠨ ᠡᠪᠦᠭᠡ ᠠᠪᠤ ᠪᠠ ᠡᠵᠢ  ᠢᠢᠨ  ᠢᠢᠡᠨ ᠨᠦᠯᠦᠭᠡ  ᠢᠢ ᠬᠦᠷᠲᠡᠵᠦ ᠂ ᠬᠠᠭᠣᠴᠢᠨ ᠤ ᠡᠳ᠋ᠯᠡᠯ ᠬᠡᠷᠡᠭᠰᠡᠯ ᠢ ᠬᠣᠷᠢᠶᠠᠨ ᠴᠣᠬᠯᠠᠭᠣᠯᠬᠤ ᠪᠠᠬᠠᠲᠠᠢ ᠪᠣᠯᠣᠬᠰᠠᠨ ᠶᠤᠮ ᠃  ᠲᠡᠷᠡᠴᠢᠯᠡᠨ ᠶᠠᠫᠦᠨ ᠤᠯᠣᠰ ᠲᠦ ᠰᠣᠷᠣᠯᠴᠠᠵᠤ ᠪᠠᠶᠢᠬᠣᠬᠣᠭᠣᠴᠠᠭᠠᠨ ᠳ᠋ᠠᠭᠠᠨ ᠬᠠᠷᠢ ᠤᠯᠣᠰ  ᠦᠨ ᠦᠨᠳ᠋ᠦᠰᠦᠲᠡᠨ  ᠦ ᠰᠣᠶᠣᠯ  ᠢᠢᠠᠨ ᠬᠡᠷᠭᠢᠨ ᠤᠬᠠᠭᠣᠯᠣᠨᠬᠦᠭᠵᠢᠭᠦᠯᠵᠦ ᠪᠠᠶᠢᠬᠤ ᠲᠠᠯᠠ ᠪᠠᠷ ᠨᠡᠯᠢᠶᠡᠳ ᠠᠩᠬᠠᠷᠣᠯ ᠲᠠᠯᠪᠢᠬᠰᠠᠨ ᠶᠤᠮ ᠃  ᠶᠠᠫᠦᠨ ᠤᠯᠣᠰ ᠲᠦ ᠪᠠᠭᠠ ᠬᠡᠪᠴᠢᠶᠡᠨ  ᠦ ᠮᠦᠽᠧᠢ ᠪᠣᠶᠣᠬᠣᠪᠢ ᠬᠦᠮᠦᠨ  ᠦ ᠪᠠᠶᠢᠭᠣᠯᠣᠬᠰᠠᠨ ᠦᠨᠳ᠋ᠦᠰᠦᠲᠡᠨ  ᠦ ᠡᠳ᠋ᠯᠡᠯ ᠬᠡᠷᠡᠭᠰᠡᠯ ᠢ ᠳᠡᠯᠭᠡᠨ ᠦᠵᠡᠭᠦᠯᠬᠦᠦᠵᠡᠭᠦᠯᠦᠯᠭᠡ  ᠢᠢᠨ ᠭᠠᠵᠠᠷ ᠠᠷᠪᠢᠨ ᠪᠠᠶᠢᠳ᠋ᠠᠭ ᠃ ᠡᠬᠦᠨ ᠢ ᠦᠵᠡᠭᠡᠳ ᠪᠢ ᠡᠪᠦᠭᠡ ᠳᠡᠭᠡᠳ᠋ᠦᠰ  ᠦᠨᠦᠯᠡᠳ᠋ᠡᠭᠡᠵᠦ ᠦᠭᠭᠦᠭᠰᠡᠨ ᠪᠣᠶᠣ ᠦᠪᠡᠷ  ᠦᠨ ᠴᠣᠬᠯᠠᠭᠣᠯᠣᠬᠰᠠᠨ ᠦᠨᠳ᠋ᠦᠰᠦᠲᠡᠨ  ᠦ ᠡᠳ᠋ᠯᠡᠯ ᠬᠡᠷᠡᠭᠰᠡᠯ ᠢᠢᠡᠨ ᠬᠣᠯᠠ ᠤᠶᠢᠷᠠ  ᠢᠢᠨ ᠵᠣᠭᠠᠴᠠᠬᠰᠠᠳ ᠂ ᠡᠯᠠ ᠮᠣᠩᠭᠣᠯ ᠰᠣᠷᠭᠠᠭᠣᠯᠢ  ᠢᠢᠨ ᠰᠣᠷᠣᠬᠴᠢᠳ ᠲᠦ ᠦᠨᠠᠲᠦᠯᠥᠪᠦᠷᠢ ᠦᠭᠡᠢ ᠳᠡᠯᠭᠡᠨ ᠦᠵᠡᠭᠦᠯᠬᠦ ᠪᠡᠷ ᠳᠠᠮᠵᠢᠭᠣᠯᠣᠨ ᠦᠨᠳ᠋ᠦᠰᠦᠲᠡᠨ ᠦ ᠰᠣᠶᠣᠯ  ᠢᠢᠠᠨ ᠤᠬᠠᠭᠣᠯᠣᠨᠳᠡᠯᠭᠡᠷᠡᠭᠦᠯᠬᠦ ᠵᠣᠷᠢᠯᠭᠠ ᠲᠠᠢ ᠪᠣᠯᠣᠬᠰᠠᠨ ᠶᠤᠮ ᠭᠡᠵᠦ ᠶᠠᠷᠢᠪᠠ ᠃
	
	ᠤᠶᠢᠯᠠᠭᠠᠬᠰᠠᠨ  ᠢᠢᠠᠷ ᠂ ᠪᠣᠷᠵᠢᠨᠴᠢᠯᠠᠭᠣ ᠨᠡᠶᠢᠲᠡ 20000ᠭᠠᠷᠤᠢ ᠦᠨᠳ᠋ᠦᠰᠦᠲᠡᠨ  ᠦ ᠡᠳ᠋ᠯᠡᠯ ᠬᠡᠷᠡᠭᠰᠡᠯ ᠢ ᠬᠣᠷᠢᠶᠠᠨ ᠴᠣᠬᠯᠠᠭᠣᠯᠵᠤ ᠂ ᠤᠳ᠋ᠦ ᠪᠣᠷᠵᠢᠨ ᠦᠨᠳ᠋ᠦᠰᠦᠲᠡᠨ ᠦ ᠰᠣᠶᠣᠯ  ᠦᠨ ᠦᠵᠡᠭᠦᠯᠦᠯᠭᠡ  ᠢᠢᠨ ᠲᠢᠩᠭᠢᠮ ᠳ᠋ᠦ ᠮᠣᠩᠭᠣᠯ ᠭᠡᠷ ᠂  ᠴᠡᠭᠡᠵᠢᠨ ᠭᠡᠷ ᠂ ᠡᠮᠡᠭᠡᠯ ᠂  ᠲᠣᠬᠣᠮ ᠂  ᠵᠠᠭᠠᠰᠦ ᠵᠢᠴᠢ ᠲᠡᠮᠡᠭᠡ ᠮᠣᠷᠢᠨ  ᠤ ᠡᠳ᠋ᠯᠡᠯ ᠬᠡᠷᠡᠭᠰᠡᠯᠵᠡᠷᠭᠡ 100 ᠭᠠᠷᠣᠢ ᠵᠦᠢᠯᠡᠰ ᠢ ᠳᠡᠯᠭᠡᠨ ᠦᠵᠡᠭᠦᠯᠵᠦ ᠪᠠᠶᠢᠨᠠ ᠃
	
	
	
	