ᠵᠤᠬᠢᠶᠠᠭᠴᠢ:
ᠴᠠᠭ:2017-05-05
ᠥᠵᠡᠭᠰᠡᠨ : ℃
ᠢᠷᠡᠯᠲᠡ:
ᠪᠦᠬᠦ ᠤᠯᠤᠰ ᠤᠨ ᠠᠷᠠᠳ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠪᠠᠶᠢᠩᠭᠤ ᠶᠢᠨ ᠬᠤᠷᠢᠶ᠎ᠠ ᠶᠢᠨ ᠳᠡᠳ᠋ ᠳᠠᠷᠤᠭ᠎ᠠ ᠪᠦᠬᠡ ᠨᠦᠬᠦᠷ ᠳᠠᠭᠠᠯᠠᠯ ᠳᠡᠬᠦᠰᠴᠠᠢ
ᠳᠤᠮᠳᠠᠳᠤ ᠤᠯᠤᠰ ᠤᠨ ᠡᠪ ᠬᠠᠮᠳᠤ ᠨᠠᠮ ᠤᠨ ᠰᠢᠯᠢᠳᠡᠭ ᠬᠡᠰᠢᠬᠦᠨ᠂ ᠤᠯᠠᠨ ᠵᠢᠯ ᠤᠨᠰᠢᠯᠭᠠᠯᠳᠠ ᠶᠢ ᠳᠤᠭᠤᠯᠤᠭᠰᠠᠨ ᠡᠪ ᠬᠠᠮᠳᠤ ᠶᠤᠰᠤᠨ ᠤ ᠪᠠᠶᠢᠯᠳᠤᠭᠴᠢ᠂ ᠦᠬᠡᠶᠢᠬᠦᠦ ᠠᠩᠬᠢ ᠶᠢᠨᠬᠤᠪᠢᠰᠬᠠᠯᠴᠢ᠂ ᠦᠨᠳᠦᠰᠦᠳᠡᠨ ᠤ ᠠᠵᠢᠯ ᠤᠨ ᠰᠢᠯᠭᠠᠷᠠᠭᠰᠠᠨ ᠤᠳᠤᠷᠢᠳᠤᠭᠴᠢ᠂ ᠨᠠᠢᠮᠠ ᠂ ᠶᠢᠰᠦᠳᠦᠬᠡᠷᠬᠤᠭᠤᠴᠠᠭᠠᠨ ᠤ ᠪᠦᠬᠦ ᠤᠯᠤᠰ ᠤᠨ ᠠᠷᠠᠳ ᠤᠨ ᠳᠦᠯᠦᠬᠡᠯᠡᠭᠴᠢᠳ ᠤᠨ ᠶᠡᠬᠡ ᠬᠤᠷᠠᠯ ᠤᠨ ᠪᠠᠶᠢᠩᠭᠤ ᠶᠢᠨᠬᠤᠷᠢᠶᠠ ᠶᠢᠨ ᠳᠡᠳ᠋ ᠳᠠᠷᠤᠭ᠎ᠠ ᠪᠦᠬᠡ2017 ᠤᠨ ᠤ 5 ᠰᠠᠷ᠎ᠠ ᠶᠢᠨ 5 ᠤᠡᠳᠦᠷ ᠤᠨ 15᠄28 ᠴᠠᠭ ᠲᠤ ᠪᠡᠬᠡᠵᠢᠩ ᠳᠤ ᠡᠪᠡᠳᠴᠢᠨ ᠢᠶᠡᠷ ᠳᠠᠭᠠᠯᠠᠯ ᠳᠡᠬᠦᠰᠪᠡ ᠨᠠᠰᠤᠨ ᠰᠡᠬᠦᠳᠡᠷ91 ᠃
ᠪᠦᠬᠡ ᠢᠢᠨ ᠨᠠᠮᠲᠠᠷ
ᠪᠦᠬᠡ᠂ ᠡᠷᠡᠭᠳᠡᠢ᠂ ᠮᠤᠩᠭᠤᠯ ᠦᠨᠳᠦᠰᠦᠳᠡᠨ᠂ ᠦᠭᠡᠷ᠎ᠠ ᠨᠡᠷ᠎ᠡ ᠨᠢ ᠶᠦᠨ ᠱᠦ ᠭᠤᠧᠠᠩ ᠬᠡᠳᠡᠭ᠂1926 ᠤᠨ ᠤ 3 ᠳ᠋ᠣᠭᠠᠷ ᠰᠠᠷ᠎ᠠ ᠳᠤ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠳᠦᠮᠡᠳ ᠵᠡᠬᠦᠨᠬᠤᠰᠢᠭᠤᠨ ᠳ᠋ᠦ ᠲᠦᠷᠦᠪᠡ ᠃ 1942 ᠤᠨ ᠤ 7ᠳ᠋ᠣᠭᠠᠷ ᠰᠠᠷ᠎ᠠ ᠳᠤᠳᠤᠮᠳᠠᠳᠤ ᠤᠯᠤᠰ ᠤᠨ ᠡᠪ ᠬᠠᠮᠳᠤ ᠨᠠᠮ ᠳᠤ ᠡᠯᠰᠡᠭᠳᠡᠵᠤ᠂ 1939 ᠤᠨ ᠤ 7 ᠳ᠋ᠣᠭᠠᠷ ᠰᠠᠷ᠎ᠠ ᠳᠤᠠᠵᠢᠯ ᠤᠨ ᠪᠠᠶᠢᠷᠢᠨ ᠳᠤ ᠭᠠᠷᠴᠠᠢ᠃ ᠶᠠᠨ ᠠᠨ ᠶᠡᠬᠡ ᠰᠤᠷᠭᠠᠭᠤᠯᠢ ᠶᠢᠨ ᠦᠨᠳᠦᠰᠦᠳᠡᠨ ᠤ ᠳᠡᠬᠡᠳᠦᠰᠤᠷᠭᠠᠭᠤᠯᠢ ᠡᠴᠡ ᠳᠡᠬᠦᠰᠦᠭᠰᠡᠨ ᠶᠡᠬᠡ ᠰᠤᠷᠭᠠᠭᠤᠯᠢ ᠶᠢᠨ ᠰᠤᠷᠤᠯᠭ᠎ᠠ ᠶᠢᠨ ᠨᠠᠮᠳᠠᠷ ᠲᠠᠢ᠃ ᠤᠯᠠᠭᠠᠨᠬᠦᠦ ᠢᠢᠨ ᠤᠣᠭᠠᠨ ᠬᠦᠪᠡᠭᠦᠨ ᠃
1939 1946 ᠤᠨ ᠳ᠋ᠤ ᠂ ᠶᠠᠨ ᠠᠨ ᠱᠠᠨᠪᠧᠢ ᠢᠢᠨ ᠠᠯᠪᠠᠨ ᠰᠣᠷᠭᠠᠭᠣᠯᠢ ᠂ ᠶᠠᠨ ᠠᠨ ᠤᠦᠨᠳᠦᠰᠦᠳᠡᠨ ᠤ ᠳᠡᠬᠡᠳᠦ ᠰᠤᠷᠭᠠᠭᠤᠯᠢ ᠳ᠋ᠤ ᠰᠣᠷᠣᠯᠴᠠᠵᠤ ᠪᠠᠶᠢᠪᠠ ᠃
19461954 ᠤᠨ ᠳ᠋ᠤ ᠂ᠦᠪᠥᠷ ᠮᠣᠩᠭᠣᠯ ᠦᠨᠦᠪᠡᠷᠳ᠋ᠡᠭᠡᠨ ᠵᠠᠰᠠᠬᠤ ᠬᠦᠳ᠋ᠡᠯᠭᠡᠭᠡᠨ ᠦ ᠬᠣᠯᠪᠣᠭᠠᠲᠦ ᠬᠣᠷᠠᠯ ᠦᠨ ᠵᠤᠬᠢᠶᠠᠨ ᠪᠠᠶᠢᠭᠣᠯᠬᠤ ᠬᠡᠯᠳ᠋ᠡᠰ ᠦᠨ ᠠᠵᠢᠯᠯᠠᠭᠴᠢ ᠂ ᠦᠪᠥᠷ ᠮᠣᠩᠭᠣᠯ ᠦᠨ ᠦᠪᠡᠷᠳ᠋ᠡᠭᠡᠨ ᠵᠠᠰᠠᠬᠤ ᠳᠡᠭᠡᠲᠦ ᠰᠣᠷᠭᠠᠭᠣᠯᠢ ᠢᠢᠨᠲᠣᠮᠳ᠋ᠠᠳ᠋ᠦ ᠰᠣᠷᠭᠠᠭᠣᠯᠢ ᠢᠢᠨ ᠬᠡᠯᠳ᠋ᠡᠰ ᠦᠨ ᠳᠡᠳ᠋ ᠡᠷᠬᠢᠯᠡᠭᠴᠢ ᠂ ᠤᠯᠤᠰ ᠲᠦᠷᠦ ᠢᠢᠨ ᠬᠡᠯᠳ᠋ᠡᠰ ᠦᠨᠪᠠᠬᠰᠢ ᠢᠢᠨ ᠲᠤᠰᠢᠶᠠᠯ ᠢ ᠬᠠᠪᠰᠣᠷᠭᠠᠨ ᠡᠭᠦᠷᠭᠡᠯᠡᠵᠤ ᠂ ᠦᠪᠥᠷ ᠮᠣᠩᠭᠣᠯ ᠦᠨ ᠤᠷᠠᠨ ᠰᠠᠶᠢᠬᠠᠨ ᠤ ᠪᠦᠯᠬᠥᠮ ᠦᠨ ᠳᠡᠳ᠋ ᠳᠠᠷᠣᠭ᠎ᠠ ᠂ ᠨᠠᠮ ᠦᠨ ᠡᠭᠦᠷ ᠦᠨ ᠱᠦᠵᠢ ᠂ ᠪᠦᠯᠬᠥᠮ ᠦᠨᠳᠠᠷᠣᠭᠠ ᠢᠢᠨ ᠲᠣᠰᠢᠶᠠᠯ ᠢ ᠡᠭᠦᠷᠭᠡᠯᠡᠵᠤ ᠪᠠᠶᠢᠪᠠ ᠃
1954 1974 ᠤᠨ ᠳ᠋ᠤ ᠂ ᠦᠪᠥᠷ ᠮᠣᠩᠭᠣᠯ ᠦᠨ ᠦᠪᠡᠷᠳ᠋ᠡᠭᠡᠨ ᠵᠠᠰᠠᠬᠤᠤᠷᠣᠨ ᠤ ᠰᠣᠶᠣᠯ ᠦᠨ ᠲᠣᠪᠴᠢᠶᠠᠨ ᠤ ᠳᠡᠳ᠋ ᠳᠠᠷᠣᠭ᠎ᠠ ᠂ ᠨᠠᠮ ᠦᠨ ᠤᠳ᠋ᠣᠷᠢᠳᠬᠤ ᠲᠣᠭᠣᠶᠢᠯᠠᠩ ᠦᠨ ᠱᠦᠵᠢ᠂ ᠦᠪᠡᠷᠳ᠋ᠡᠭᠡᠨ ᠵᠠᠰᠠᠬᠤ ᠤᠷᠣᠨ ᠤ ᠤᠳᠬ᠎ᠠ ᠤᠷᠠᠯᠢᠭ ᠦᠨ ᠬᠢᠨ ᠦ ᠬᠣᠯᠪᠤᠭ᠎ᠠ ᠢᠢᠨ ᠡᠷᠬᠢᠯᠡᠭᠴᠢ ᠢᠢᠨ ᠲᠣᠰᠢᠶᠠᠯᠢ ᠬᠠᠪᠰᠣᠷᠭᠠᠨ ᠡᠭᠦᠷᠭᠡᠯᠡᠵᠤ ᠂ ᠲᠣᠮᠳ᠋ᠠᠳ᠋ᠦ ᠤᠷᠣᠰ ᠦᠨ ᠨᠦᠬᠦᠷᠯᠡᠯ ᠦᠨ ᠨᠡᠶᠢᠭᠡᠮᠯᠢᠭ ᠦᠨ ᠦᠪᠥᠷᠮᠣᠩᠭᠣᠯ ᠦᠨ ᠬᠤᠪᠢᠶᠠᠷᠢ ᠡᠪᠯᠡᠯ ᠦᠨ ᠨᠠᠷᠢᠨ ᠪᠢᠴᠢᠭ ᠦᠨ ᠳᠠᠷᠣᠭ᠎ᠠ ᠂ ᠦᠪᠡᠷᠳ᠋ᠡᠭᠡᠨ ᠵᠠᠰᠠᠬᠤ ᠤᠷᠣᠨ ᠤᠨᠠᠮ ᠦᠨ ᠬᠣᠷᠢᠶ᠎ᠠ ᠢᠢᠨ ᠤᠷᠣᠯᠠᠬᠴᠢᠪᠠᠶᠢᠩᠭᠣ ᠢᠢᠨ ᠭᠡᠰᠢᠭᠦᠨ ᠂ᠦᠪᠡᠷᠳ᠋ᠡᠭᠡᠨ ᠵᠠᠰᠠᠬᠤ ᠤᠷᠣᠨ ᠤ ᠰᠣᠶᠣᠯ ᠦᠨ ᠵᠦᠪᠯᠡᠯ ᠦᠨ ᠨᠠᠮ ᠦᠨ ᠬᠣᠷᠢᠶ᠎ᠠ ᠢᠢᠨ ᠤᠷᠣᠯᠠᠬᠴᠢ ᠱᠦᠵᠢ ᠂ ᠡᠷᠬᠢᠯᠡᠭᠴᠢ ᠢᠢᠨ ᠲᠣᠰᠢᠶᠠᠯ ᠢ ᠡᠭᠦᠷᠭᠡᠯᠡᠵᠤ ᠪᠠᠶᠢᠪᠠ ᠃
1974—1978 ᠤᠨ ᠳ᠋ᠤ ᠂ ᠲᠤᠮᠳ᠋ᠠᠳ᠋ᠦ ᠤᠯᠣᠰ ᠦᠨ ᠡᠪ ᠬᠠᠮᠲᠦ ᠨᠠᠮ ᠦᠨ ᠪᠣᠭᠣᠲᠦ ᠬᠣᠲᠠ ᠢᠢᠨ ᠬᠣᠷᠢᠶ᠎ᠠ ᠢᠢᠨᠱᠦᠵᠢ ᠂ ᠬᠣᠲᠠ ᠢᠢᠨ ᠬᠣᠪᠢᠰᠬᠠᠯ ᠦᠨ ᠵᠦᠪᠯᠡᠯ ᠦᠨᠲᠡᠳ᠋ ᠡᠷᠬᠢᠯᠡᠭᠴᠢ ᠂ ᠦᠪᠡᠷᠳ᠋ᠡᠭᠡᠨ ᠵᠠᠰᠠᠬᠤ ᠨᠠᠮ ᠦᠨᠬᠣᠷᠢᠶᠠ ᠢᠢᠨ ᠤᠬᠠᠭᠣᠯᠬᠤ ᠬᠡᠯᠳ᠋ᠡᠰ ᠦᠨ ᠲᠡᠳ᠋ ᠳᠠᠷᠣᠭ᠎ᠠ ᠂ ᠤᠬᠠᠭᠣᠯᠬᠤ ᠬᠡᠯᠳ᠋ᠡᠰ ᠦᠨ ᠳᠠᠷᠣᠭ᠎ᠠ ᠢᠢᠨ ᠲᠣᠰᠢᠶᠠᠯ ᠢ ᠡᠭᠦᠷᠭᠡᠯᠡᠵᠦᠪᠠᠶᠢᠪᠠ ᠃
1978 1981 ᠤᠨ ᠳ᠋ᠤ ᠂ ᠦᠪᠥᠷ ᠮᠣᠩᠭᠣᠯ ᠦᠨ ᠦᠪᠡᠷᠳ᠋ᠡᠭᠡᠨ ᠵᠠᠰᠠᠬᠤ ᠤᠷᠣᠨ ᠤᠨᠠᠮ ᠦᠨ ᠬᠣᠷᠢᠶ᠎ᠠ ᠢᠢᠨ ᠪᠠᠶᠢᠩᠭᠣ ᠢᠢᠨ ᠭᠡᠰᠢᠭᠦᠨ ᠂ ᠤᠯᠤᠰ ᠦᠨ ᠦᠨᠳ᠋ᠦᠰᠦᠲᠡᠨ ᠦ ᠬᠡᠷᠡᠭ ᠡᠷᠬᠢᠯᠡᠬᠦᠵᠦᠪᠯᠡᠯ ᠦᠨ ᠳᠡᠳ᠋ ᠡᠷᠬᠢᠯᠡᠭᠴᠢ ᠂ ᠬᠦᠬᠡᠬᠤᠲᠡ ᠢᠢᠨ ᠨᠠᠮ ᠦᠨ ᠬᠣᠷᠢᠶ᠎ᠠ ᠢᠢᠨ ᠨᠢᠭᠡᠳ᠋ᠦᠭᠡᠷ ᠱᠦᠵᠢ᠂ ᠬᠣᠲᠠ ᠢᠢᠨ ᠳᠠᠷᠣᠭ᠎ᠠ ᠂ ᠰᠡᠷᠭᠡᠶᠢᠯᠡᠯᠲᠡ ᠢᠢᠨ ᠲᠣᠭᠣᠷᠢᠭ ᠦᠨ ᠨᠢᠭᠡᠳ᠋ᠦᠭᠡᠷ ᠤᠯᠤᠰ ᠲᠦᠷᠦ ᠢᠢᠨᠭᠡᠰᠢᠭᠦᠨ ᠦ ᠲᠤᠰᠢᠶᠠᠯ ᠢ ᠡᠭᠥᠷᠭᠡᠯᠡᠵᠦ ᠪᠠᠶᠢᠪᠠ ᠃
1982 1993 ᠤᠨ ᠳ᠋ᠤ ᠂ ᠲᠣᠮᠳ᠋ᠠᠲᠦ ᠤᠯᠣᠰ ᠦᠨ ᠡᠪ ᠬᠠᠮᠲᠦ ᠨᠠᠮ ᠦᠨ ᠦᠪᠥᠷ ᠮᠣᠩᠭᠣᠯ ᠦᠨ ᠦᠪᠡᠷᠳ᠋ᠡᠭᠡᠨ ᠵᠠᠰᠠᠬᠤ ᠤᠷᠣᠨ ᠤ ᠬᠣᠷᠢᠶ᠎ᠠ ᠢᠢᠨ ᠳᠡᠳ᠋ ᠱᠦᠵᠢ ᠢᠢᠨ ᠲᠣᠰᠢᠶᠠᠯ ᠢ ᠡᠭᠦᠷᠭᠡᠯᠡᠵᠤᠪᠠᠶᠢᠪᠠ ᠃
1993 ᠤᠨ ᠤ 3 ᠳ᠋ᠣᠭᠠᠷ ᠰᠠᠷ᠎ᠠ ᠳ᠋ᠤ ᠂ ᠨᠠᠢᠮᠠᠳ᠋ᠣᠭᠠᠷ ᠬᠣᠭᠣᠴᠠᠭᠠᠨ ᠤ ᠪᠦᠬᠦ ᠤᠯᠤᠰ ᠦᠨᠠᠷᠠᠳ ᠦᠨ ᠲᠦᠯᠥᠭᠡᠯᠡᠭᠴᠢᠳ ᠦᠨ ᠶᠡᠬᠡ ᠬᠣᠷᠠᠯ ᠦᠨ ᠪᠠᠶᠢᠩᠭᠣ ᠢᠢᠨ ᠬᠣᠷᠢᠶ᠎ᠠ ᠢᠢᠨ ᠳᠡᠳ᠋ ᠬᠣᠷᠢᠶᠠᠨᠳᠠᠷᠣᠭᠠ ᠢᠢᠨ ᠲᠣᠰᠢᠶᠠᠯ ᠢ ᠡᠭᠦᠷᠭᠡᠯᠡᠵᠤ ᠪᠠᠶᠢᠪᠠ ᠃
1998 ᠤᠨ ᠤ 3 ᠳ᠋ᠣᠭᠠᠷ ᠰᠠᠷ᠎ᠠ ᠳ᠋ᠤ ᠂ ᠶᠢᠰᠦᠳ᠋ᠦᠭᠡᠷ ᠬᠣᠭᠣᠴᠠᠭᠠᠨ ᠤ ᠪᠦᠬᠦ ᠤᠯᠤᠰ ᠦᠨᠠᠷᠠᠳ ᠦᠨ ᠲᠦᠯᠥᠭᠡᠯᠡᠭᠴᠢᠳ ᠦᠨ ᠶᠡᠬᠡ ᠬᠣᠷᠠᠯ ᠦᠨ ᠪᠠᠶᠢᠩᠭᠣ ᠢᠢᠨ ᠬᠣᠷᠢᠶ᠎ᠠ ᠢᠢᠨ ᠲᠡᠳ᠋ ᠬᠣᠷᠢᠶᠠᠨ ᠳᠠᠷᠣᠭ᠎ᠠ ᠢᠢᠨᠲᠣᠰᠢᠶᠠᠯ ᠢ ᠡᠭᠦᠷᠭᠡᠯᠡᠵᠤ ᠪᠠᠶᠢᠪᠠ ᠃ ᠲᠣᠮᠳ᠋ᠠᠲᠦ ᠤᠯᠤᠰ ᠦᠨ ᠡᠪ ᠬᠠᠮᠲᠦ ᠨᠠᠮ ᠦᠨ ᠠᠷᠪᠠᠨᠬᠣᠶᠠᠳ᠋ᠣᠭᠠᠷ ᠂ ᠠᠷᠪᠠᠨ ᠭᠣᠷᠪᠠᠳ᠋ᠣᠭᠠᠷ ᠬᠣᠭᠣᠴᠠᠭᠠᠨ ᠤ ᠲᠦᠪ ᠬᠣᠷᠢᠶᠠᠨ ᠤ ᠭᠡᠰᠢᠬᠦᠨ᠃ ᠲᠣᠮᠳ᠋ᠠᠲᠦ ᠢᠢᠨᠰᠢᠯᠦᠭ ᠳᠠᠭᠣᠯᠠᠯ ᠦᠨ ᠡᠷᠳ᠋ᠡᠮ ᠰᠢᠨᠵᠢᠯᠡᠭᠡᠨ ᠦ ᠨᠡᠶᠢᠭᠡᠮᠯᠢᠭ ᠦᠨ ᠨᠡᠷ᠎ᠠ ᠬᠦᠨᠳ᠋ᠦᠲᠦ ᠳᠠᠷᠣᠭ᠎ᠠ ᠂ᠡᠭᠦᠨ ᠦ ᠬᠠᠮᠲᠦ ᠂ ᠲᠣᠮᠳ᠋ᠠᠲᠦ ᠤᠯᠤᠰ ᠦᠨ ᠮᠣᠷᠢᠨ ᠮᠡᠷᠭᠡᠵᠢᠯ ᠦᠨ ᠬᠡᠷᠡᠭ ᠡᠷᠬᠢᠯᠡᠭᠴᠢᠳ ᠦᠨ ᠨᠡᠷᠠᠬᠦᠨᠳ᠋ᠦᠲᠦ ᠳᠠᠷᠣᠭ᠎ᠠ ᠪᠠᠷ ᠪᠠᠶᠢᠪᠠ ᠃
20ᠳ᠋ᠣᠭᠠᠷ ᠵᠠᠭᠣᠨ ᠤ 40 ᠭᠡᠳ ᠤᠨ ᠳ᠋ᠤ ᠂ ᠪᠦᠬᠡ ᠨᠦᠬᠦᠷ ᠰᠣᠶᠣᠯ ᠤᠷᠠᠯᠢᠭ ᠦᠨ ᠬᠢᠨ ᠳ᠋ᠦ ᠪᠦᠳ᠋ᠦᠭᠡᠯ ᠢᠢᠡᠨᠨᠡᠶᠢᠲᠡᠯᠡᠭᠥᠯᠵᠦ ᠡᠬᠢᠯᠡᠵᠠᠢ ᠃ ᠠᠯᠳ᠋ᠠᠷᠲᠦ ᠵᠦᠴᠦᠭᠡ ᠢᠢᠨ ᠳᠡᠪᠲᠡᠷᠲᠤᠬᠤᠨᠢᠭᠣᠯᠬᠤ ᠤᠭᠤᠲᠠ ᠂ ᠳᠠᠬᠢᠵᠤ ᠬᠠᠭᠣᠷᠳ᠋ᠠᠬᠳ᠋ᠠᠬᠤ ᠦᠭᠡᠢ ᠂ ᠸᠠᠩ ᠸᠧᠨ ᠬᠤᠧᠠᠨ ᠂ ᠦᠯᠵᠡᠢ ᠢᠢᠨ ᠲᠦᠷᠦᠭᠰᠡᠨ ᠡᠳ᠋ᠦᠷ ᠂ ᠬᠠᠶᠢᠲᠠᠩ ᠂ ᠪᠦᠬᠡ ᠢᠢᠨ ᠰᠢᠯᠦᠭ ᠦᠨ ᠲᠡᠭᠦᠪᠦᠷᠢ ᠂ ᠰᠣᠶᠣᠯ ᠦᠨ ᠠᠵᠢᠯ ᠦᠨ ᠴᠢᠯᠥᠭᠡᠲᠦᠶᠠᠷᠢᠯᠴᠠᠯᠭᠠ ᠵᠡᠷᠭᠡ ᠪᠠᠶᠢᠳ᠋ᠠᠭ ᠃ ᠭᠣᠣᠯᠯᠠᠨ ᠨᠠᠶᠢᠷᠠᠭᠣᠯᠣᠬᠰᠠᠨ ᠨᠢ ᠄ ᠦᠨᠳ᠋ᠦᠰᠦᠲᠡᠨ ᠦ ᠪᠦᠯᠬᠦᠮᠳ᠋ᠡᠯ ᠦᠨᠰᠣᠷᠭᠠᠨ ᠬᠦᠮᠥᠵᠢᠯ ᠦᠨ ᠤᠩᠰᠢᠬᠤ ᠪᠢᠴᠢᠭ ᠂ ᠦᠨᠳ᠋ᠦᠰᠦᠲᠡᠨ ᠦ ᠤᠷᠣᠨ ᠤ ᠦᠪᠡᠷᠳ᠋ᠡᠭᠡᠨᠵᠠᠰᠠᠬᠤ ᠦᠨᠳ᠋ᠦᠰᠦᠨ ᠮᠡᠳ᠋ᠡᠯᠭᠡ ᠂ ᠮᠠᠷᠺᠰ ᠦᠨ ᠦᠵᠡᠯ ᠦᠨ ᠦᠨᠳ᠋ᠦᠰᠦᠲᠡᠨ ᠦ ᠤᠨᠣᠯ ᠪᠣᠯᠣᠨ ᠨᠠᠮ ᠦᠨ ᠦᠨᠳ᠋ᠦᠰᠦᠲᠡᠨ ᠦ ᠲᠦᠷᠦ ᠢᠢᠨ ᠪᠣᠳ᠋ᠣᠯᠭ᠎ᠠ ᠵᠡᠷᠭᠡ ᠪᠠᠶᠢᠳ᠋ᠠᠭ ᠃ ᠬᠡᠪᠯᠡᠬᠦᠯᠦᠭᠰᠡᠨᠨᠢ ᠄ ᠪᠦᠬᠡ ᠢᠢᠨ ᠵᠤᠬᠢᠶᠠᠯ ᠦᠨ ᠲᠡᠭᠦᠪᠦᠷᠢ ᠂ ᠪᠦᠬᠡ ᠢᠢᠨ ᠰᠢᠯᠦᠭ ᠦᠨ ᠲᠡᠭᠦᠪᠦᠷᠢ ᠂ ᠪᠦᠬᠡ ᠢᠢᠨ ᠤᠳᠬ᠎ᠠ ᠤᠷᠠᠯᠢᠭ ᠦᠨ ᠦᠭᠦᠯᠡᠯ ᠦᠨ ᠲᠡᠭᠦᠪᠦᠷᠢ ᠂ ᠰᠢᠯᠦᠭ ᠦᠨ ᠳᠠᠯᠠᠢ ᠪᠠᠷ ᠠᠶᠠᠯᠠᠬᠰᠠᠨ ᠨᠢ ᠵᠡᠷᠭᠡ ᠪᠠᠶᠢᠳ᠋ᠠᠭ ᠃
ᠪᠦᠬᠡ ᠢᠢᠨ ᠵᠤᠬᠢᠶᠠᠯ ᠦᠨ ᠴᠣᠪᠣᠷᠠᠯᠨᠢ ᠪᠦᠬᠡ ᠨᠦᠬᠦᠷ ᠦᠨ 1979 2003 ᠤᠨ ᠪᠣᠯᠲᠠᠯᠠᠬᠢ ᠬᠤᠭᠤᠴᠠᠭᠠᠨ ᠤ ᠡᠯ᠎ᠠ ᠲᠦᠷᠥᠯ ᠦᠨ ᠡᠬᠡ ᠪᠢᠴᠢᠭ ᠂ ᠵᠠᠬᠢᠳ᠋ᠠᠯ ᠵᠢᠴᠢ ᠵᠤᠬᠢᠶᠠᠨ ᠪᠦᠳ᠋ᠦᠭᠡᠭᠰᠡᠨ ᠰᠢᠯᠦᠭ ᠪᠣᠯᠣᠨ ᠤᠷᠠᠨᠪᠢᠴᠢᠯᠭᠡ ᠢᠢᠨ ᠪᠦᠲᠦᠭᠡᠯ ᠵᠡᠷᠭᠡ ᠨᠡᠶᠢᠲᠡ 13 ᠪᠣᠳ᠋ᠢ ᠂ ᠨᠡᠶᠢᠲᠡ 250 ᠲᠦᠮᠡᠨ ᠦᠰᠦᠭ ᠲᠠᠢ ᠃ ᠡᠭᠦᠨ ᠳ᠋ᠤ᠂ ᠤᠯᠤᠰ ᠲᠦᠷᠦ ᠢᠢᠨ ᠦᠭᠦᠯᠡᠯ ᠦᠨ ᠴᠢᠨᠠᠷᠲᠠᠢ ᠡᠬᠡ ᠪᠢᠴᠢᠭ 400 ᠬᠠᠭᠣᠳ᠋ᠠᠰᠣ ᠂ ᠰᠢᠯᠦᠭ 700 ᠪᠠᠳ᠋ᠠᠭ᠂ ᠤᠷᠠᠨ ᠪᠢᠴᠢᠯᠭᠡ ᠢᠢᠨ ᠪᠦᠳ᠋ᠦᠭᠡᠯ 108 ᠪᠠᠶᠢᠳ᠋ᠠᠭ᠃
ᠪᠦᠬᠡ ᠢᠢᠨ ᠵᠤᠬᠢᠶᠠᠯ ᠦᠨ ᠴᠣᠪᠣᠷᠠᠯ ᠨᠢ ᠨᠠᠮ ᠦᠨ ᠠᠷᠪᠠᠨ ᠨᠢᠭᠡᠳ᠋ᠦᠭᠡᠷᠬᠣᠭᠣᠴᠠᠭᠠᠨ ᠤ ᠲᠦᠪ ᠬᠣᠷᠢᠶᠠᠨ ᠤ ᠭᠣᠷᠪᠠᠳ᠋ᠣᠭᠠᠷ ᠪᠦᠬᠦᠳ᠋ᠡ ᠬᠣᠷᠠᠯᠳ᠋ᠣᠭᠠᠨ ᠡᠴᠠ ᠨᠠᠭᠠᠰᠢᠬᠢ ᠂ ᠮᠠᠨ ᠤᠤᠯᠣᠰ ᠂ ᠢᠯᠡᠩᠭᠣᠶᠠ ᠦᠪᠥᠷ ᠮᠣᠩᠭᠣᠯ ᠦᠨ ᠦᠪᠡᠷᠳ᠋ᠡᠭᠡᠨ ᠵᠠᠰᠠᠬᠤ ᠤᠷᠣᠨ ᠤ ᠯᠣᠲᠦ ᠶᠡᠬᠡ ᠬᠣᠪᠢᠷᠠᠯᠲᠠ ᠢᠢ ᠰᠢᠰᠲ᠋ᠧᠮ ᠲᠠᠢ ᠪᠠᠷ ᠲᠡᠮᠳ᠋ᠡᠭᠯᠡᠨ ᠲᠣᠭᠠᠴᠢᠵᠤ ᠂ ᠲᠣᠮᠳ᠋ᠠᠳ᠋ᠦ ᠤᠯᠤᠰ ᠦᠨ ᠤᠨᠴᠠᠯᠢᠭ ᠪᠦᠬᠥᠢ ᠨᠡᠶᠢᠭᠡᠮᠵᠢᠷᠣᠮ ᠦᠨ ᠪᠦᠳ᠋ᠦᠭᠡᠨ ᠪᠠᠶᠢᠭᠣᠯᠣᠯᠲᠠ ᠢᠢᠨ ᠲᠡᠦᠬᠡ ᠢᠢᠨ ᠳᠣᠷᠰᠢᠯᠭ᠎ᠠ ᠢᠢ ᠪᠣᠳ᠋ᠠᠳ᠋ᠠᠢ ᠪᠦᠭᠡᠳ ᠭᠦᠨᠵᠡᠭᠡᠢ ᠪᠠᠶᠢᠳ᠋ᠠᠭ ᠃ ᠡᠬᠦᠨ ᠦ ᠬᠠᠮᠳ᠋ᠦ ᠂ ᠪᠦᠬᠡ ᠢᠢᠨ ᠵᠣᠬᠢᠶᠠᠯ ᠦᠨ ᠴᠣᠪᠣᠷᠠᠯ ᠨᠢ ᠪᠠᠰᠠ ᠪᠦᠬᠡ ᠨᠦᠬᠦᠷ ᠦᠨ ᠲᠣᠭᠣᠯᠣᠬᠰᠠᠨᠭᠣᠷᠪᠠᠨ ᠴᠢᠬᠣᠯᠠ ᠲᠡᠦᠬᠡᠨ ᠴᠠᠭ ᠬᠣᠭᠣᠴᠠᠭ᠎ᠠ ᠢᠢᠨ ᠦᠵᠡᠯ ᠰᠠᠨᠠᠭ᠎ᠠ ᠂ ᠰᠦᠪᠡᠭᠴᠢᠯᠡᠯᠲᠡ ᠪᠣᠯᠣᠨᠠᠵᠢᠯ ᠦᠨ ᠪᠠᠶᠢᠳ᠋ᠠᠯ ᠢ ᠲᠡᠮᠳ᠋ᠡᠭᠯᠡᠨ ᠲᠣᠭᠠᠴᠢᠵᠠᠢ ᠃ ᠨᠢᠭᠡᠳ᠋ᠦᠭᠡᠷ ᠴᠠᠭ ᠬᠤᠭᠤᠴᠠᠭ᠎ᠠ ᠨᠢ ᠰᠣᠶᠣᠯ ᠦᠨ ᠶᠡᠬᠡ ᠬᠣᠪᠢᠰᠬᠠᠯ ᠦᠨ ᠰᠡᠭᠦᠯᠴᠢ ᠢᠢᠨ ᠬᠣᠭᠣᠴᠠᠭ᠎ᠠ ᠂ᠢᠯᠠᠩᠭᠣᠶᠠ ᠨᠠᠮ ᠦᠨ ᠠᠷᠪᠠᠨ ᠨᠢᠭᠡᠳ᠋ᠦᠭᠡᠷ ᠬᠣᠭᠣᠴᠠᠭᠠᠨ ᠤ ᠲᠦᠪ ᠦᠨ ᠬᠣᠷᠢᠶᠠᠨ ᠤ ᠭᠣᠷᠪᠠᠲᠣᠭᠠᠷ ᠪᠦᠭᠦᠳ᠋ᠡᠬᠣᠷᠠᠯᠳ᠋ᠣᠭᠠᠨ ᠡᠴᠠ ᠬᠣᠶᠢᠰᠢ 1983 ᠤᠨ ᠪᠣᠯᠲᠠᠯ᠎ᠠ ᠂ ᠪᠦᠬᠡ ᠨᠦᠬᠦᠷ ᠦᠨ ᠦᠪᠥᠷ ᠮᠣᠩᠭᠣᠯ ᠦᠨ ᠦᠪᠡᠷᠳ᠋ᠡᠭᠡᠨᠵᠠᠰᠠᠬᠤ ᠤᠷᠣᠨ ᠤ ᠪᠣᠭᠣᠲᠦ ᠬᠣᠲᠠ ᠪᠣᠯᠣᠨ ᠬᠦᠬᠡᠬᠣᠲᠡ ᠳ᠋ᠦ ᠠᠵᠢᠯᠯᠠᠵᠤ ᠪᠠᠶᠢᠬᠰᠠᠨ ᠴᠠᠭ ᠬᠤᠭᠤᠴᠠᠭ᠎ᠠ ᠢᠢᠵᠢᠭᠠᠵᠤ ᠪᠣᠢ ᠃ ᠬᠣᠶᠠᠳ᠋ᠣᠭᠠᠷ ᠴᠠᠭ ᠬᠤᠭᠤᠴᠠᠭ᠎ᠠ ᠨᠢ 1983 1993 ᠤᠨ ᠪᠣᠯᠲᠠᠯ᠎ᠠ ᠂ ᠪᠦᠬᠡ ᠨᠦᠬᠦᠷ ᠦᠨᠦᠪᠥᠷ ᠮᠣᠩᠭᠣᠯ ᠦᠨ ᠦᠪᠡᠷᠳ᠋ᠡᠭᠡᠨ ᠵᠠᠰᠠᠬᠤ ᠤᠷᠣᠨ ᠤ ᠨᠠᠮ ᠦᠨ ᠬᠣᠷᠢᠶ᠎ᠠ ᠵᠠᠰᠠᠭ ᠦᠨ ᠤᠷᠳ᠋ᠣᠨ ᠳ᠋ᠦ ᠠᠵᠢᠯᠯᠠᠵᠤᠪᠠᠶᠢᠬᠰᠠᠨ ᠴᠠᠭ ᠬᠤᠭᠤᠴᠠᠭ᠎ᠠ ᠢᠢ ᠵᠢᠭᠠᠵᠤ ᠪᠣᠢ᠃ ᠭᠣᠷᠪᠠᠳ᠋ᠣᠭᠠᠷ ᠴᠠᠭ ᠬᠤᠭᠤᠴᠠᠭ᠎ᠠ ᠨᠢ 1993 ᠤᠨ ᠡᠴᠠᠡᠬᠢᠯᠡᠨ ᠤᠳ᠋ᠦ ᠪᠣᠯᠲᠠᠯ᠎ᠠ ᠂ ᠭᠣᠣᠯ ᠨᠢ 1993 2003 ᠤᠨ ᠪᠣᠯᠲᠠᠯ᠎ᠠ ᠂ ᠪᠦᠬᠡ ᠨᠦᠬᠦᠷ ᠦᠨ ᠪᠦᠬᠦ ᠤᠯᠣᠰ ᠦᠨ ᠠᠷᠠᠳ ᠦᠨ ᠲᠦᠯᠥᠭᠡᠯᠡᠭᠴᠢᠳ ᠦᠨ ᠶᠡᠬᠡ ᠬᠣᠷᠠᠯ ᠦᠨ ᠪᠠᠶᠢᠩᠭᠣ ᠢᠢᠨ ᠬᠣᠷᠢᠶᠠᠨ ᠳ᠋ᠤ ᠠᠵᠢᠯᠯᠠᠵᠤ ᠪᠠᠶᠢᠬᠰᠠᠨᠴᠠᠭ ᠬᠤᠭᠤᠴᠠᠭ᠎ᠠ ᠢᠢ ᠵᠢᠭᠠᠵᠤ ᠪᠣᠢ ᠃