ᠵᠤᠬᠢᠶᠠᠭᠴᠢ: 
							ᠴᠠᠭ:2017-03-18
							ᠥᠵᠡᠭᠰᠡᠨ :  ℃
                                                        ᠢᠷᠡᠯᠲᠡ: 
						
						
							ᠮᠣᠩᠭᠣᠯ ᠭᠡᠷ  ᠦᠨ ᠳᠡᠭᠡᠪᠦᠷ						
						
												
	ᠮᠣᠩᠭᠣᠯ ᠭᠡᠷ  ᠦᠨ ᠤᠨᠢ  ᠢᠢᠨ ᠭᠡᠰᠡᠭ ᠢ ᠪᠦᠲᠡᠭᠡᠬᠦᠪᠦᠷᠢᠶᠡᠰᠦ  ᠢᠢ ᠳᠡᠭᠡᠪᠦᠷ ᠭᠡᠳ᠋ᠡᠭ ᠃  ᠮᠣᠩᠭᠣᠯ ᠭᠡᠷᠲᠦ ᠡᠮᠦᠨᠠ ᠳᠡᠭᠡᠪᠦᠷ᠂ ᠠᠷᠦ ᠳᠡᠭᠡᠭᠦᠷ ᠭᠡᠵᠣ ᠬᠤᠶᠠᠷ ᠳᠡᠭᠡᠪᠦᠷ ᠪᠠᠶᠢᠳ᠋ᠠᠭ᠃ ᠳᠡᠭᠡᠪᠦᠷ ᠨᠢ ᠱᠠᠲᠣᠯᠵᠢᠨᠬᠡᠯᠪᠡᠷᠢᠳ᠋ᠠᠢ ᠂ ᠳᠡᠯᠭᠡᠭᠰᠡᠨ ᠰᠢᠬᠦᠷ  ᠦᠨ ᠲᠠᠯᠠ ᠬᠠᠭᠠᠰ ᠰᠢᠭ᠋ ᠪᠠᠶᠢᠳ᠋ᠠᠭ ᠃ ᠨᠢᠭᠡ ᠳᠠᠭᠡᠪᠦᠷ ᠬᠢᠬᠦᠳ᠋ᠦ ᠬᠤᠶᠠᠷ ᠢᠰᠡᠭᠡᠢ ᠬᠡᠷᠡᠭᠯᠡᠵᠦ ᠂ ᠨᠢᠭᠡ ᠮᠣᠩᠭᠣᠯ ᠭᠡᠷ  ᠦᠨ ᠳᠡᠭᠡᠪᠦᠷ ᠲᠦ ᠨᠡᠶᠢᠲᠡ ᠲᠦᠷᠪᠡᠨᠢᠰᠡᠭᠡᠢ ᠤᠷᠣᠳ᠋ᠠᠭ᠃ ᠳᠡᠭᠡᠪᠦᠷ  ᠦᠨ ᠳᠡᠭᠡᠳ᠋ᠦ ᠬᠦᠪᠡᠭᠡ  ᠢᠢ ᠳᠡᠭᠡᠪᠦᠷ  ᠦᠨ ᠵᠠᠭᠠᠮᠠ ᠪᠣᠶᠣ ᠳᠡᠭᠡᠪᠦᠷ ᠦᠨ ᠬᠣᠭᠣᠯᠠᠢ ᠂ ᠲᠣᠣᠷᠠᠳ᠋ᠣ ᠬᠦᠪᠡᠭᠡ  ᠢᠢ ᠲᠠᠭᠡᠪᠦᠷ  ᠦᠨ ᠬᠣᠷᠮᠤᠢ ᠭᠡᠵᠦ ᠂ ᠬᠤᠶᠠᠷ ᠲᠠᠯᠠ  ᠢᠢ ᠨᠢᠲᠡᠭᠡᠪᠦᠷ  ᠦᠨ ᠰᠣᠮᠣ ᠭᠡᠳ᠋ᠡᠭ ᠃ ᠳᠡᠭᠡᠪᠦᠷ ᠢ ᠡᠰᠭᠡᠵᠦ ᠤᠶᠣᠬᠣ ᠳ᠋ᠤ ᠪᠠᠨ ᠳᠡᠭᠡᠪᠦᠷ  ᠦᠨ ᠵᠠᠭᠠᠮᠠ ᠂ᠳᠡᠭᠡᠪᠦᠷ  ᠦᠨ ᠬᠣᠷᠮᠣᠢ ᠪᠣᠯᠣᠨ ᠳᠡᠭᠡᠪᠦᠷ  ᠦᠨ ᠰᠣᠮᠣ  ᠢᠢ ᠬᠠᠷᠠ ᠬᠢᠯᠭᠠᠰᠤᠨ ᠳᠡᠭᠡᠰᠦ ᠪᠣᠶᠣᠤᠩᠭᠠᠰᠤᠨ ᠳᠡᠭᠡᠰᠦ ᠪᠡᠷ ᠵᠡᠭᠡᠭ ᠤᠶᠣᠳ᠋ᠠᠭ ᠃ ᠬᠣᠶᠢᠳ᠋ᠦ ᠳᠡᠭᠡᠪᠦᠷ  ᠦᠨ ᠵᠠᠭᠠᠮᠠ  ᠢᠢᠨ ᠬᠣᠶᠠᠷ ᠦᠨᠴᠥᠭᠲᠦ ᠲᠣᠰᠪᠦᠷᠢ ᠨᠢᠭᠡ ᠤᠷᠲᠦ ᠤᠭᠣᠰᠣᠷ ᠲᠠᠢ ᠂ ᠰᠣᠮᠣ  ᠢᠢᠨ ᠳᠡᠭᠡᠳ᠋ᠦ ᠦᠨᠴᠥᠭ ᠡᠴᠡ ᠭᠤᠷᠪᠠᠨ  ᠤ ᠨᠢᠭᠡᠬᠤᠪᠢ  ᠢᠢᠨ ᠵᠠᠢ ᠳ᠋ᠤ ᠲᠣᠰᠪᠦᠷᠢ ᠬᠤᠶᠠᠷ ᠤᠷᠳ᠋ᠦ ᠤᠭᠣᠰᠣᠷ ᠲᠠᠢ ᠂ ᠰᠣᠮᠣ  ᠢᠢᠨ ᠳᠣᠣᠷᠠᠳ᠋ᠦ ᠦᠨᠴᠥᠭ ᠲᠦᠲᠣᠰᠪᠦᠷᠢ ᠨᠢᠭᠡ ᠪᠣᠭᠣᠨᠢ ᠤᠭᠣᠰᠣᠷ ᠲᠠᠢ ᠪᠠᠶᠢᠳ᠋ᠠᠭ᠃ ᠡᠮᠦᠨᠠ ᠳᠡᠭᠡᠪᠦᠷ  ᠦᠨ ᠵᠠᠭᠠᠮᠠ  ᠢᠢᠨ ᠬᠤᠶᠠᠷᠦᠨᠴᠥᠭ ᠲᠦ ᠲᠣᠰᠪᠦᠷᠢ ᠨᠢᠭᠡ ᠤᠷᠳ᠋ᠦ ᠤᠭᠣᠰᠤᠷ ᠲᠠᠢ ᠂ ᠰᠣᠮᠣ  ᠢᠢᠨ ᠲᠣᠣᠷᠠᠳ᠋ᠦ ᠦᠨᠴᠥᠭ ᠲᠦ ᠲᠣᠰᠪᠦᠷᠢ ᠨᠢᠭᠡᠪᠣᠭᠣᠨᠢ ᠤᠭᠣᠰᠣᠷ ᠲᠠᠢ ᠪᠠᠶᠢᠳ᠋ᠠᠭ ᠃ ᠡᠶᠢᠮᠦ ᠡᠴᠡ ᠮᠣᠩᠭᠣᠯ ᠭᠡᠷ  ᠦᠨ ᠠᠷᠤ ᠳᠡᠭᠡᠪᠦᠷ ᠵᠢᠷᠭᠣᠭᠠᠨᠤᠷᠳ᠋ᠦ ᠤᠭᠣᠰᠣᠷ ᠂  ᠬᠤᠶᠠᠷ ᠪᠣᠭᠣᠨᠢ ᠤᠭᠣᠰᠣᠷ ᠂ᠨᠡᠶᠢᠲᠡ ᠨᠠᠢᠮᠠᠨ ᠤᠭᠣᠰᠣᠷ ᠲᠠᠢ᠃ ᠡᠮᠦᠨᠠ ᠳᠡᠭᠡᠪᠦᠷ ᠨᠢ ᠬᠤᠶᠠᠷ ᠤᠷᠲᠦ ᠤᠭᠣᠰᠣᠷ᠂ ᠬᠤᠶᠠᠷ ᠪᠣᠭᠣᠨᠢᠤᠭᠣᠰᠣᠷ ᠂ ᠨᠡᠶᠢᠲᠡ ᠲᠦᠷᠪᠡᠨ ᠤᠭᠣᠰᠣᠷ ᠲᠠᠢ ᠪᠠᠶᠢᠳ᠋ᠠᠭ᠃ ᠮᠣᠩᠭᠣᠯ ᠭᠡᠷ ᠢ ᠳᠡᠭᠡᠪᠦᠷᠯᠡᠬᠦ ᠳ᠋ᠦ ᠪᠡᠨᠡᠮᠦᠨᠠ ᠳᠡᠭᠡᠪᠦᠷ ᠢ ᠲᠣᠭᠣᠨᠤ  ᠢᠢᠨ ᠨᠤᠶᠠᠨ ᠬᠡᠴᠡ ᠡᠴᠡ ᠲᠦᠭᠡ ᠬᠢᠷᠢᠲᠠᠢ ᠪᠤᠶᠤ ᠠᠯᠠᠭᠠ ᠳᠠᠷᠤᠮᠠᠬᠡᠳ᠋ᠦᠷᠡᠭᠦᠯᠵᠦ ᠂ ᠠᠷᠤ ᠳᠡᠭᠡᠪᠦᠷ  ᠢᠢᠡᠷ ᠳᠠᠷᠣᠳ᠋ᠠᠭ ᠃ ᠡᠨᠡ ᠨᠢ ᠳᠡᠭᠡᠪᠦᠷ  ᠦᠨ ᠠᠭᠣᠯᠵᠠᠷ  ᠢᠢᠠᠷᠪᠣᠷᠣᠭᠠᠨ᠂ ᠴᠠᠰᠤ ᠤᠷᠣᠬᠤ ᠪᠠ ᠰᠠᠯᠬᠢᠨ ᠳ᠋ᠤ ᠬᠡᠶᠢᠰᠬᠦ ᠡᠴᠡ ᠰᠡᠷᠭᠡᠶᠢᠯᠡᠭᠰᠡᠨ ᠵᠣᠷᠢᠯᠭᠠ ᠲᠠᠢ ᠶᠦᠮ ᠃
	ᠢᠷᠡᠯᠲᠡ᠄ ᠮᠣᠩᠭᠣᠯ ᠰᠤᠳ᠋ᠤᠯᠤᠯ  ᠦᠨᠨᠡᠪᠲᠡᠷᠬᠡᠢ ᠲᠤᠯᠢ