ᠵᠤᠬᠢᠶᠠᠭᠴᠢ: 
							ᠴᠠᠭ:2017-02-10
							ᠥᠵᠡᠭᠰᠡᠨ :  ℃
                                                        ᠢᠷᠡᠯᠲᠡ: 
						
						
							ᠴᠢᠩᠭᠢᠰ ᠦᠨ ᠡᠳ᠋ᠣᠷ  ᠦᠨ ᠲᠠᠬᠢᠯᠭᠠ						
						
												
	ᠴᠢᠩᠭᠢᠰ ᠦᠨ ᠭᠡᠭᠡᠨ ᠳᠦᠷᠢ ᠢᠢ ᠵᠠᠯᠠᠵᠣ ᠲᠠᠬᠢᠭᠰᠠᠨ ᠴᠣᠮᠴᠣᠭ ᠴᠠᠭᠠᠨ ᠤᠷᠳ᠋ᠣᠨ ᠳ᠋ᠤ ᠡᠳ᠋ᠣᠷ ᠪᠦᠷᠢ ᠰᠠᠩ ᠲᠠᠯᠪᠢᠵᠣ ᠂ ᠮᠦᠩᠬᠡ ᠵᠤᠯᠠᠡᠷᠬᠦᠳ᠋ᠡᠭ ᠵᠠᠩ ᠦᠢᠯᠡ  ᠢᠢ ᠡᠳ᠋ᠣᠷ  ᠦᠨ ᠲᠠᠬᠢᠯᠭᠠ ᠪᠣᠶᠣ ᠡᠩ  ᠦᠨ ᠲᠠᠬᠢᠯᠭᠠ ᠭᠡᠳ᠋ᠡᠭ᠃ ᠵᠢᠰᠢᠶᠡᠨ  ᠤᠲᠠᠷᠬᠠᠳ ᠨᠢ ᠦᠷᠯᠥᠭᠡ ᠪᠦᠷᠢ ᠴᠣᠮᠴᠣᠭ ᠤᠷᠳ᠋ᠣᠨ  ᠤ ᠳᠣᠲᠣᠨᠠ ᠭᠠᠳ᠋ᠠᠨᠠᠬᠢ  ᠢᠢ ᠴᠡᠪᠡᠷᠯᠡᠵᠣ᠂ ᠰᠠᠩ ᠲᠠᠯᠪᠢᠭᠠᠳ᠂ᠤᠷᠳ᠋ᠣᠨ ᠲᠣᠳ᠋ᠣᠷᠠᠬᠢ ᠴᠢᠩᠭᠢᠰ  ᠦᠨ ᠬᠠᠭᠣᠷᠴᠠᠭ  ᠦᠨ ᠡᠮᠦᠨᠡᠬᠢ ᠰᠢᠷᠡᠭᠡᠨ ᠳᠠᠭᠡᠷᠠ ᠡᠳ᠋ᠣᠷ  ᠦᠨ ᠵᠤᠯᠠᠡᠷᠬᠦᠵᠣ᠂ ᠡᠵᠡᠨᠰᠠᠩ ᠤᠩᠰᠢᠳ᠋ᠠᠭ᠃ᠰᠠᠩ  ᠢᠢᠠᠨ ᠤᠩᠰᠢᠵᠣ ᠪᠠᠷᠠᠭᠠᠳ᠂  ᠰᠢᠨᠠ ᠴᠠᠢ  ᠢᠢᠨᠳᠡᠭᠡᠵᠢ ᠪᠠᠨ ᠰᠠᠩ  ᠦᠨ ᠰᠦᠷᠦ  ᠢᠢᠨ ᠲᠠᠪᠴᠠᠩ ᠳᠠᠭᠡᠷᠠ ᠪᠠᠨ ᠡᠷᠬᠦᠪᠡᠯ ᠦᠷᠯᠥᠭᠡᠨ  ᠤ ᠲᠠᠬᠢᠯᠭᠠ ᠲᠠᠭᠣᠰᠳ᠋ᠠᠭ᠃ᠤᠷᠤᠢ ᠨᠢ ᠦᠳ᠋ᠡᠰᠢ  ᠢᠢᠨ ᠵᠣᠯᠠ ᠪᠠᠨ ᠡᠷᠬᠦᠵᠣ ᠪᠠᠰᠠ ᠨᠢᠭᠡ ᠤᠳ᠋ᠠᠭᠠ ᠡᠵᠡᠨᠰᠠᠩ ᠤᠩᠰᠢᠪᠠᠯᠪᠦᠬᠦᠶᠢᠯᠠ ᠡᠳ᠋ᠣᠷ  ᠦᠨ ᠲᠠᠬᠢᠯᠭᠠ  ᠢᠢᠨ ᠦᠢᠯᠡ ᠲᠠᠭᠦᠰᠳ᠋ᠡᠭ ᠃ ᠬᠡᠷᠪᠡ ᠮᠦᠷᠬᠦᠯᠴᠢᠨ ᠪᠠᠶᠢᠬᠣ ᠳ᠋ᠤ ᠬᠦᠷᠪᠠᠯ᠂ᠵᠢᠰᠢᠶᠡᠨ  ᠤ ᠲᠠᠷᠬᠠᠳ ᠳᠠᠭᠠᠭᠣᠯᠣᠨ ᠡᠵᠡᠨ ᠪᠣᠭᠳ᠋ᠠ ᠳ᠋ᠤ ᠮᠦᠷᠬᠦᠬᠦᠯᠵᠣ᠂ ᠵᠤᠯᠠ᠂ ᠨᠢᠨᠳ᠋ᠡᠷ᠂ ᠰᠠᠷᠬᠣᠳ ᠦᠨᠳᠠᠭᠠᠳᠬᠠᠯ ᠤᠩᠰᠢᠳ᠋ᠠᠭ᠃ ᠦᠳᠭᠡ ᠰᠢᠬᠦᠰᠣ ᠲᠠᠢ ᠮᠦᠷᠬᠦᠪᠡᠯ᠂ ᠦᠳᠭᠡ ᠢᠢᠨ ᠳᠠᠭᠠᠳᠬᠠᠯᠤᠩᠰᠢᠵᠣ᠂ᠮᠦᠷᠬᠦᠭᠰᠡᠨ ᠬᠦᠮᠣᠨ ᠳ᠋ᠤ ᠭᠣᠷᠪᠢᠴᠣᠭ᠂ ᠱᠠᠭᠠᠨᠳ᠋ᠣ ᠂ ᠳᠦᠷᠪᠡᠨ ᠦᠨᠳ᠋ᠣᠷ᠂ ᠤᠭᠤᠷᠠᠭ ᠰᠡᠬᠦᠯ ᠢ ᠨᠢ ᠪᠣᠴᠠᠭᠠᠵᠣᠦᠭᠳ᠋ᠡᠭ᠃ ᠡᠬᠦᠨ ᠢ ᠮᠦᠷᠬᠦᠯ ᠬᠢᠭᠰᠡᠨ ᠬᠦᠮᠣᠨ ᠭᠡᠷ ᠲᠦ ᠪᠠᠨ ᠠᠪᠠᠴᠢᠵᠣ᠂ ᠤᠭᠤᠷᠠᠭ ᠰᠡᠬᠦᠯ  ᠦᠨ ᠦᠭᠡᠬᠦ ᠡᠴᠠᠬᠠᠯᠢᠮᠯᠠᠨ ᠠᠪᠴᠣ ᠭᠠᠯ ᠳ᠋ᠤ ᠪᠠᠨ ᠡᠷᠬᠦᠭᠡᠳ᠂ ᠪᠤᠰᠣᠳ ᠮᠢᠬᠠ  ᠢᠢ ᠨᠢ ᠪᠣᠭᠳ᠋ᠡᠡᠵᠡᠨ  ᠤ ᠳᠠᠶᠢᠯᠭᠠ  ᠢᠢᠨ ᠭᠡᠰᠢᠭ ᠭᠡᠵᠣ᠂ ᠭᠡᠷ  ᠦᠨ ᠬᠦᠮᠣᠰ᠂ ᠰᠠᠳ᠋ᠣᠨ ᠲᠦᠷᠣᠯ᠂ ᠠᠶᠢᠯ ᠬᠣᠲᠠᠨ  ᠤ ᠪᠠᠨᠬᠦᠮᠦᠰ ᠲᠠᠢ ᠬᠤᠪᠢᠶᠠᠯᠴᠠᠨ ᠢᠳ᠋ᠡᠳ᠋ᠡᠭ ᠃
	ᠢᠷᠡᠯᠲᠡ᠄ᠮᠣᠩᠭᠣᠯᠰᠣᠳ᠋ᠣᠯᠣᠯ  ᠦᠨ ᠨᠡᠪᠲᠡᠷᠬᠡᠢ ᠲᠣᠯᠢ