ᠵᠤᠬᠢᠶᠠᠭᠴᠢ:
ᠴᠠᠭ:2016-11-08
ᠥᠵᠡᠭᠰᠡᠨ : ℃
ᠢᠷᠡᠯᠲᠡ:
ᠦᠪᠦᠷ ᠦᠨ ᠠᠮᠲᠠᠲᠤ ᠢᠳᠡᠭᠡᠨ
ᠦᠪᠦᠷ ᠪᠤᠯ ᠨᠤᠲᠤᠭ ᠳᠡᠪᠢᠰᠭᠡᠷ ᠦᠷᠬᠡᠨ ᠠᠭᠤᠳᠠᠮ ᠤᠯᠠᠨ ᠦᠨᠳᠦᠰᠦᠲᠡᠨ ᠴᠦᠬᠡᠨ ᠳᠤᠭᠠᠳᠤ ᠦᠨᠳᠦᠰᠦᠳᠡᠨ ᠤ ᠦᠪᠡᠷᠳᠡᠬᠡᠨ ᠵᠠᠰᠠᠬᠤ ᠤᠷᠤᠨᠪᠣᠯᠬᠤ ᠪᠦᠭᠡᠳ ᠦᠨᠳᠦᠰᠦᠲᠡᠨ ᠤ ᠦᠪ ᠰᠤᠶᠤᠯ ᠪᠠ ᠵᠠᠩ ᠵᠠᠩᠰᠢᠯ ᠢᠶᠠᠷ ᠪᠠᠶᠠᠯᠢᠭ ᠤᠷᠤᠨ ᠪᠤᠯᠤᠨ᠎ᠠ᠃ ᠦᠪᠦᠷ ᠤᠷᠤᠨ ᠤ ᠠᠮᠲᠠᠲᠤ ᠢᠳᠡᠭᠡᠨ ᠤᠮᠳᠠᠭᠠᠨ ᠨᠢ ᠨᠤᠲᠤᠭ ᠨᠤᠲᠤᠭ ᠤᠨᠤᠨᠴᠠᠯᠢᠭ᠂ ᠭᠠᠵᠠᠷ ᠭᠠᠵᠠᠷ ᠤᠨ ᠦᠩᠭᠡ ᠪᠠᠷ ᠢᠶᠠᠨ ᠢᠯᠭᠠᠷᠠᠨ ᠂ ᠦᠪᠦᠷ ᠤᠨ ᠢᠶᠠᠨ ᠨᠠᠷᠠ ᠶᠢᠨ ᠬᠠᠭᠤᠳᠠᠰᠤ》ᠪᠤᠯᠵᠤ᠂ ᠬᠤᠷᠸ᠎ᠠ ᠳᠤᠠᠯᠳ᠋ᠠᠷᠰᠢᠭᠰᠠᠨ ᠶᠤᠮ ᠃
ᠬᠦᠬᠡᠬᠤᠲᠠ ᠶᠢᠨ ᠱᠤᠤᠮᠠᠢ
1. ᠬᠦᠬᠡᠬᠤᠲᠠ ᠶᠢᠨ ᠱᠤᠤᠮᠠᠢ
ᠬᠦᠬᠡᠬᠤᠲᠠ ᠶᠢᠨ ᠱᠤᠤᠮᠠᠢ ᠪᠤᠯ ᠬᠡᠯᠪᠡᠷᠢ ᠳᠦᠷᠰᠦ ᠨᠢ ᠠᠨᠠᠷ ᠵᠢᠮᠢᠰ ᠰᠢᠭ᠂ ᠦᠩᠭᠡ ᠨᠢ ᠳᠤᠩᠴᠠᠭᠠᠨ ᠪᠠᠶᠢᠳ᠋ᠠᠭ᠃ ᠵᠠᠷᠢᠮ ᠤᠯᠤᠰ ᠦᠨ ᠬᠡᠯᠡᠬᠦ ᠪᠡᠷ ᠂ ᠶᠤᠸᠠᠨ ᠤᠯᠤᠰ ᠤᠨ ᠦᠶ᠎ᠠ ᠳ᠋ᠥ ᠪᠤᠢ ᠪᠣᠯᠣᠭᠰᠠᠨ ᠭᠡᠳ᠋ᠡᠭ ᠃ ᠱᠣᠣᠮᠠᠢᠪᠣᠯ ᠤᠷᠲᠤ ᠤᠳᠠᠭᠠᠨ ᠲᠡᠤᠬᠡ ᠲᠠᠢ ᠮᠦᠷᠲᠡᠭᠡᠨ ᠨᠤᠲᠤᠭ ᠤᠷᠤᠨ ᠤ ᠦᠨᠦᠷ ᠠᠮᠲᠠ ᠲᠠᠢ ᠤᠬᠢ ᠢᠳᠡᠭᠡᠨ ᠪᠣᠯᠬᠣ ᠶᠤᠮ᠃ ᠠᠯᠢ ᠡᠷᠲᠡ ᠴᠢᠩ ᠤᠯᠤᠰ ᠤᠨ ᠦᠶ᠎ᠠ ᠳᠤ᠂ ᠬᠦᠬᠡᠬᠤᠲᠠ ᠤᠷᠤᠨ ᠤ ᠱᠤᠤᠮᠠᠢ ᠪᠡᠭᠡᠵᠢᠩ ᠬᠤᠲᠠ ᠳᠤ ᠠᠯᠳᠠᠷ ᠨᠡᠷᠠᠮᠠᠨᠳᠤᠵᠤ᠂ ᠪᠡᠭᠡᠵᠢᠩ ᠤᠨ ᠡᠮᠦᠨ᠎ᠠ ᠬᠠᠭᠠᠯᠭ᠎ᠠ ᠤᠷᠴᠢᠮ ᠤᠨ ᠱᠤᠤᠮᠠᠢ ᠶᠢᠨ ᠬᠤᠭᠤᠯᠠᠨ ᠭᠡᠷ ᠦᠨ ᠡᠭᠦᠳᠡᠨ ᠳᠡᠭᠡᠷᠠᠭᠦᠢ ᠰᠦᠢ ᠢᠢᠨ ᠱᠤᠤᠮᠠᠢ ᠭᠡᠬᠦ ᠬᠢᠲᠠᠳ ᠦᠰᠦᠭ ᠲᠠᠢ ᠫᠠᠶᠢᠰᠠ ᠡᠯᠭᠦᠭᠳ᠋ᠡᠵᠦ ᠪᠠᠶᠢᠭᠰᠠᠨ ᠲᠡᠤᠬᠡ ᠲᠠᠢ᠃
ᠱᠤᠤᠮᠠᠢ ᠬᠢᠬᠦ ᠤᠷ᠎ᠠ ᠮᠡᠷᠭᠡᠵᠢᠯ ᠡᠲᠡᠭᠡᠳ ᠤᠨᠴᠠᠭᠠᠢ᠂ ᠲᠦᠭᠦᠬᠡᠢ ᠮᠠᠲ᠋ᠧᠷᠢᠶᠠᠯᠨᠢ ᠴᠤ ᠨᠠᠷᠢᠨ ᠂ ᠭᠠᠳᠠᠷ ᠬᠠᠯᠢᠰᠤ ᠨᠢ ᠨᠢᠮᠭᠡᠨ ᠮᠦᠷᠲᠡᠭᠡᠨ ᠂ ᠬᠤᠨᠢᠨ ᠤ ᠦᠭᠡᠬᠦ ᠂ ᠰᠤᠩᠭᠢᠨᠠᠵᠡᠷᠭᠡ ᠢᠢ ᠲᠠᠭᠠᠷᠠᠭᠤᠯᠬᠤ ᠨᠢ ᠲᠣᠬᠢᠷᠠᠮᠵᠢᠲᠠᠢ᠃ ᠱᠣᠣᠮᠠᠢ ᠢᠢ ᠵᠢᠩᠨᠡᠭᠦᠷ ᠠᠴᠠ ᠠᠪᠴᠤ ᠭᠠᠷᠭᠠᠬᠤ ᠳᠤ ᠬᠠᠯᠠᠭᠤᠨ ᠠᠭᠤᠷ ᠰᠠᠪᠰᠠᠭᠤᠯᠤᠨ ᠰᠤᠳᠤᠨ ᠠᠩᠭᠢᠯᠤᠮ᠎ᠠ ᠪᠠᠶᠢᠵᠦ᠂ᠠᠮᠲᠠᠲᠠᠢ ᠮᠦᠷᠲᠡᠭᠡᠨ ᠱᠠᠩᠳᠠᠭᠤᠨ ᠪᠢᠰᠢ ᠪᠠᠶᠢᠳᠠᠭ᠃
ᠮᠤᠷᠢᠨᠳᠠᠪᠠᠭ᠎ᠠ ᠶᠢᠨ ᠳᠠᠭᠤᠷ ᠦᠨᠳᠦᠰᠦᠲᠡᠨ ᠤ ᠦᠪᠡᠷᠲᠡᠭᠡᠨ ᠵᠠᠰᠠᠬᠤᠬᠤᠰᠢᠭᠤᠨ ᠤ ᠰᠢᠷ᠎ᠠ ᠦᠵᠦᠮ
2. ᠮᠤᠷᠢᠨᠳᠠᠪᠠᠭ᠎ᠠ ᠶᠢᠨ ᠳᠠᠭᠤᠷ ᠦᠨᠳᠦᠰᠦᠲᠡᠨ ᠤ ᠦᠪᠡᠷᠲᠡᠭᠡᠨ ᠵᠠᠰᠠᠬᠤᠬᠤᠰᠢᠭᠤᠨ ᠤ ᠰᠢᠷ᠎ᠠ ᠦᠵᠦᠮ
ᠦᠪᠦᠷ ᠦᠨ ᠦᠪᠡᠷᠲᠡᠭᠡᠨ ᠵᠠᠰᠠᠬᠤ ᠤᠷᠣᠨ ᠤ ᠬᠦᠯᠦᠨ ᠪᠣᠶᠢᠷ ᠬᠣᠲᠠ ᠢᠢᠨ ᠮᠤᠷᠢᠨᠳᠠᠪᠠᠭ᠎ᠠ ᠶᠢᠨ ᠳᠠᠭᠤᠷ ᠦᠨᠳᠦᠰᠦᠲᠡᠨ ᠤ ᠦᠪᠡᠷᠲᠡᠭᠡᠨ ᠵᠠᠰᠠᠬᠤ ᠬᠤᠰᠢᠭᠤ ᠪᠤᠯ《ᠰᠢᠷ᠎ᠠ ᠦᠵᠦᠮ 》 ᠨᠤᠲᠤᠭ ᠭᠡᠬᠦ ᠰᠠᠶᠢᠬᠠᠨ ᠠᠯᠳᠠᠷ ᠲᠠᠢ᠃ ᠰᠢᠷ᠎ᠠ ᠦᠵᠦᠮ ᠢ ᠪᠠᠰᠠ ᠬᠡᠮᠡᠷᠯᠢᠭ ᠳ᠋ᠸᠡᠭᠯᠦ》ᠭᠡᠵᠦ ᠨᠡᠷᠡᠯᠡᠳᠡᠭ᠃ ᠬᠠᠰᠢ ᠶᠢᠨ ᠲᠦᠷᠦᠯ ᠤᠨ ᠤᠯᠠᠨ ᠨᠠᠰᠤᠲᠤ ᠡᠪᠡᠰᠦᠯᠢᠭ ᠤᠷᠭᠤᠮᠠᠯ ᠪᠤᠯᠤᠨ᠎ᠠ᠃ᠢᠰᠭᠦᠯᠠᠩ ᠮᠦᠷᠲᠡᠭᠡᠨ ᠰᠢᠬᠢᠷᠯᠢᠭ ᠠᠮᠲᠠ ᠲᠠᠢ᠂ ᠬᠠᠯᠠᠭᠤᠨ ᠢ ᠬᠦᠭᠡᠭᠡᠵᠦ ᠬᠤᠤᠷ ᠢ ᠲᠠᠶᠢᠯᠬᠤ᠂ ᠬᠠᠨᠢᠶᠠᠬᠤ ᠶᠢᠵᠤᠭᠰᠤᠭᠠᠵᠦ ᠬᠤᠭᠤᠯᠠᠢ ᠶᠢ ᠨᠤᠷᠭᠠᠬᠤ ᠦᠢᠯᠡᠳᠦᠯ ᠲᠠᠢ᠃ ᠰᠢᠷ᠎ᠠ ᠦᠵᠦᠮ ᠳᠤᠮᠳᠠᠳᠤ ᠤᠯᠤᠰ ᠤᠨ ᠡᠯ᠎ᠠ ᠭᠠᠵᠠᠷ ᠤᠨᠠᠭᠤᠯᠠᠷᠬᠠᠭ ᠤᠷᠤᠨ ᠳᠤ ᠴᠦᠮ ᠤᠷᠭᠤᠳᠠᠭ ᠪᠤᠯᠪᠠᠴᠤ ᠵᠡᠭᠦᠨ ᠬᠤᠶᠢᠲᠤ ᠤᠷᠤᠨ ᠳᠤ ᠬᠠᠮᠤᠭ ᠤᠨ ᠠᠷᠪᠢᠨ ᠤᠷᠭᠤᠳᠠᠭ᠃
ᠠᠤᠬᠠᠨ ᠬᠤᠰᠢᠭᠤᠨ ᠤ ᠨᠠᠷᠢᠮᠦ ᠪᠣᠳ᠋ᠠᠭᠠ
3. ᠠᠤᠬᠠᠨ ᠬᠤᠰᠢᠭᠤᠨ ᠤ ᠨᠠᠷᠢᠮᠦ ᠪᠣᠳ᠋ᠠᠭᠠ
ᠠᠤᠬᠠᠨ ᠬᠤᠰᠢᠭᠤ ᠪᠤᠯ ᠳᠡᠯᠡᠬᠡᠢ ᠶᠢᠨ ᠨᠠᠷᠢᠮᠦ ᠶᠢᠨ ᠭᠠᠷᠤᠯᠳᠠ ᠶᠢᠨ ᠤᠷᠤᠨ ᠪᠤᠯᠤᠨ᠎ᠠ᠃ ᠲᠤᠰᠭᠠᠵᠠᠷ ᠠᠴᠠ ᠬᠠᠭᠤᠴᠢ ᠰᠤᠳᠤᠯᠤᠯ ᠤᠨ ᠡᠷᠳᠡᠮᠲᠡᠳ 8000 ᠵᠢᠯ ᠦᠨ ᠲᠡᠤᠬᠡ ᠲᠠᠢᠨᠠᠷᠢᠮᠦ ᠶᠢ ᠢᠯᠡᠷᠡᠭᠦᠯᠵᠦ᠂ ᠠᠤᠬᠠᠨ ᠬᠤᠰᠢᠭᠤ ᠪᠣᠯ ᠮᠠᠨ ᠤ ᠤᠯᠤᠰ ᠤᠨ ᠬᠠᠭᠤᠷᠠᠢ ᠲᠠᠷᠢᠶᠠᠯᠠᠭ᠎ᠠ ᠶᠢᠨᠭᠠᠷᠤᠯᠳᠠ ᠶᠢᠨ ᠤᠷᠤᠨ ᠢᠶᠠᠷ ᠦᠯᠦ ᠪᠠᠷᠠᠮ᠂ ᠠᠽᠢᠶ᠎ᠠ ᠡᠸᠦ᠋ᠷᠦᠫᠡ ᠶᠢᠨ ᠡᠬᠡ ᠬᠠᠭᠤᠷᠠᠢ ᠶᠢᠨ ᠬᠠᠭᠤᠷᠠᠢ ᠲᠠᠷᠢᠶᠠᠯᠠᠭ᠎ᠠ ᠶᠢᠨᠭᠠᠷᠤᠯᠳᠠ ᠶᠢᠨ ᠤᠷᠤᠨ ᠪᠣᠯᠬᠤ ᠢᠢ ᠪᠠᠲᠤᠯᠠᠭᠰᠠᠨ ᠪᠠᠶᠢᠨ᠎ᠠ᠃ ᠠᠤᠬᠠᠨ ᠬᠤᠰᠢᠭᠤᠨ ᠤ ᠨᠠᠷᠢᠮᠦ ᠳᠤ ᠬᠦᠮᠦᠨ ᠤᠪᠡᠶᠠ ᠳᠤ ᠬᠡᠷᠡᠭᠰᠡᠳᠡᠭ ᠰᠢᠪᠲᠤᠷᠲᠤ ᠬᠦᠴᠢᠯ᠂ ᠺᠠᠯᠼ᠂ ᠹᠤᠰᠹᠤᠷ᠂ ᠲᠡᠮᠤᠷ ᠵᠡᠷᠭᠡ ᠪᠢᠴᠢᠯ ᠡᠯᠧᠮᠧᠨ᠋ᠲ ᠠᠭᠤᠯᠤᠭᠳᠠᠵᠦ᠂ᠰᠢᠮ᠎ᠠ ᠲᠡᠵᠢᠭᠡᠯ ᠡᠯᠪᠡᠭ ᠂ ᠴᠢᠨᠠᠷ ᠰᠠᠶᠢᠨ ᠮᠦᠷᠲᠡᠭᠡᠨ ᠠᠩᠬᠢᠯᠤᠮ᠎ᠠ ᠦᠨᠦᠷ ᠲᠠᠢ ᠪᠦᠭᠡᠳ ᠢᠳᠡᠬᠦ ᠳᠤ ᠠᠮᠲᠠᠲᠠᠢᠪᠠᠶᠢᠳᠠᠭ᠃ ᠨᠠᠷᠢᠮᠦ ᠪᠤᠯ ᠢᠳᠡᠰᠢ ᠶᠢ ᠲᠡᠭᠰᠢᠯᠡᠵᠦ᠂ ᠢᠳᠡᠭᠡᠨ ᠤ ᠳᠤᠷᠠᠰᠢᠯ ᠢ ᠨᠡᠮᠡᠭᠳᠡᠭᠦᠯᠳᠡᠭ ᠰᠠᠶᠢᠨ ᠢᠳᠡᠭᠡᠨᠪᠤᠯᠤᠨᠠ᠃ ᠠᠯᠲᠠᠨ ᠰᠢᠷᠭᠠᠯ ᠦᠩᠭᠡ ᠲᠠᠢ ᠨᠠᠷᠢᠮᠦᠨ ᠪᠤᠳᠠᠭᠠᠨ ᠰᠦᠮᠦᠰᠦ ᠨᠢ ᠵᠢᠷᠮᠤᠰᠤᠨ ᠪᠦᠰᠡᠭᠦᠶᠢᠴᠦᠳ ᠲᠤᠮᠠᠰᠢ ᠲᠤᠬᠢᠷᠠᠬᠤ ᠪᠦᠭᠡᠳ ᠬᠦᠩᠭᠡᠵᠢᠭᠰᠡᠨ ᠤ ᠳᠠᠷᠠᠭ᠎ᠠ ᠰᠢᠮ᠎ᠠ ᠲᠡᠵᠢᠭᠡᠯ ᠨᠦᠬᠦᠪᠦᠷᠢᠯᠡᠬᠦ ᠮᠠᠰᠢ ᠰᠠᠶᠢᠨ ᠠᠮᠤ ᠪᠤᠯᠤᠨ᠎ᠠ᠃
ᠬᠦᠷᠢᠶ᠎ᠠ ᠬᠤᠰᠢᠭᠤᠨ ᠤ ᠰᠠᠭᠠᠭ ᠤᠨ ᠭᠤᠯᠢᠷ ᠢᠳ᠋ᠡᠭᠡᠨ
4. ᠬᠦᠷᠢᠶ᠎ᠠ ᠬᠤᠰᠢᠭᠤᠨ ᠤ ᠰᠠᠭᠠᠭ ᠤᠨ ᠭᠤᠯᠢᠷ ᠢᠳ᠋ᠡᠭᠡᠨ
ᠬᠦᠷᠢᠶ᠎ᠠ ᠬᠤᠰᠢᠭᠤ ᠶᠢ 《ᠳᠤᠮᠳᠠᠳᠤ ᠤᠯᠤᠰ ᠤᠨ ᠰᠠᠭᠠᠭ ᠤᠨᠰᠤᠶᠤᠯ ᠤᠨ ᠨᠤᠲᠤᠭ 》ᠭᠡᠳᠡᠭ᠃ ᠬᠦᠷᠢᠶ᠎ᠠ ᠬᠤᠰᠢᠭᠤ 1000 ᠭᠠᠷᠤᠢ ᠵᠢᠯ ᠰᠠᠭᠠᠭ ᠲᠠᠷᠢᠵᠦ ᠤᠷᠭᠤᠭᠤᠯᠤᠭᠰᠠᠨ ᠲᠡᠤᠬᠡ ᠲᠠᠢ᠃ᠤᠨᠴᠠᠭᠠᠢ ᠠᠭᠤᠷ ᠠᠮᠢᠰᠬᠤᠯ ᠤᠨ ᠨᠦᠬᠦᠴᠡᠯ᠂ ᠬᠦᠷᠦᠰᠦ ᠰᠢᠷᠤᠢ ᠨᠢ ᠬᠦᠷᠢᠶ᠎ᠠ ᠶᠢᠨ ᠰᠠᠭᠠᠭ ᠤᠨ ᠠᠮᠲᠠᠯᠢᠭ᠂ᠰᠢᠮ᠎ᠡ ᠲᠡᠵᠢᠭᠡᠯ ᠲᠠᠢ ᠪᠣᠯᠭᠠᠵᠠᠢ ᠃ ᠬᠦ᠋ᠷᠢᠶᠠ ᠬᠤᠰᠢᠭᠤ ᠪᠣᠯ ᠳᠡᠯᠡᠬᠡᠢ ᠨᠡᠶᠢᠲᠡ ᠳ᠋ᠥ ᠮᠡᠳ᠋ᠡᠷᠡᠭᠳ᠋ᠡᠭᠰᠡᠨᠰᠠᠭᠠᠭ ᠲᠠᠷᠢᠵᠦ ᠤᠷᠭᠤᠭᠤᠯᠬᠤ 《ᠠᠯᠲᠠᠨ ᠪᠦᠰᠡ ᠤᠷᠣᠨ ᠪᠣᠯᠬᠤᠶᠤᠮ ᠃ ᠬᠦᠷᠢᠶ᠎ᠠ ᠰᠠᠭᠠᠭ ᠤᠨ ᠭᠤᠯᠢᠷ ᠨᠢ ᠂ ᠦᠩᠭᠡ ᠨᠢ ᠴᠠᠭᠠᠨ᠂ ᠤᠭᠤᠷᠠᠭ ᠪᠤᠯᠤᠨ ᠤᠯᠠᠨ ᠵᠦᠢᠯ ᠤᠨ ᠸᠢᠲ᠋ᠠᠮᠢᠨ᠂ᠴᠠᠷᠳᠠᠭᠤᠯ ᠤᠨ ᠠᠭᠤᠯᠤᠭᠳᠠᠴᠠ ᠦᠨᠳᠦᠷ ᠵᠡᠷᠭᠡ ᠤᠨᠴᠠᠯᠢᠭ ᠢᠶᠠᠷ ᠢᠶᠠᠨ ᠤᠯᠤᠰ ᠤᠨ ᠲᠤᠲᠤᠭᠠᠳᠤ ᠭᠠᠳᠠᠭᠠᠳᠤ ᠳᠤᠠᠯᠳᠠᠷᠰᠢᠪᠠ᠃ ᠰᠠᠭᠠᠭ ᠨᠢ ᠨᠢᠭᠡ ᠵᠦᠢᠯ ᠤᠨ ᠠᠮᠤ ᠪᠤᠯᠤᠭᠰᠠᠨ ᠤ ᠬᠤᠪᠢ ᠳᠤ ᠴᠢᠰᠤᠨ ᠰᠤᠳᠠᠯ ᠢ ᠵᠦᠭᠡᠯᠡᠷᠡᠭᠦᠯᠬᠦ᠂ᠴᠢᠰᠤᠨ ᠤ ᠦᠭᠡᠬᠦ ᠪᠤᠯᠤᠨ ᠰᠦᠰᠦᠨ ᠤ ᠭᠤᠨᠠᠨ ᠠᠯᠺᠤᠤᠯ ᠢ ᠳᠤᠷᠤᠭᠰᠢᠯᠠᠭᠤᠯᠬᠤ ᠴᠢᠳᠠᠮᠵᠢ ᠲᠠᠢ᠂ ᠵᠢᠷᠦᠬᠡ ᠴᠢᠰᠤᠨᠰᠤᠳᠠᠯ ᠤᠨ ᠡᠪᠡᠳᠴᠢᠨ᠂ ᠴᠢᠰᠤᠨ ᠳᠠᠷᠤᠯᠲᠠ ᠦᠨᠳᠦᠷ ᠡᠪᠡᠳᠴᠢᠨ᠂ ᠰᠢᠬᠢᠷ ᠰᠢᠵᠢᠩ ᠡᠪᠡᠳᠴᠢᠨ ᠢ ᠰᠡᠷᠭᠡᠶᠢᠯᠡᠬᠦᠦᠢᠯᠡᠳᠦᠯ ᠲᠠᠢ᠃
ᠰᠠᠭᠠᠭ ᠤᠨ ᠭᠤᠯᠢᠷ ᠤᠨ ᠡᠾᠧᠯᠧ᠂ ᠰᠠᠭᠠᠭ ᠤᠨ ᠭᠤᠯᠢᠷ ᠤᠨ ᠱᠠᠯᠪᠢᠡᠭ᠂ ᠰᠠᠭᠠᠭ ᠤᠨ ᠭᠤᠯᠢᠷ ᠤᠨᠪᠤᠤᠪᠤ ᠵᠡᠷᠭᠡ ᠬᠡᠳᠦᠨ ᠠᠷᠪᠠᠨ ᠵᠦᠢᠯ ᠤᠨ ᠰᠠᠭᠠᠭ ᠤᠨ ᠭᠤᠯᠢᠷ ᠤᠨ ᠤᠯᠠᠮᠵᠢᠯᠠᠯᠲᠤ ᠢᠳ᠋ᠡᠭᠡᠨ ᠦ ᠰᠠᠭᠤᠷᠢᠨᠳᠡᠭᠡᠷᠠ ᠰᠠᠭᠠᠭ ᠤᠨ ᠭᠤᠯᠢᠷ ᠦᠨ ᠭᠤᠸᠠᠮᠢᠶᠠᠨ᠂ ᠰᠠᠭᠠᠭ ᠤᠨ ᠴᠠᠢ᠂ ᠰᠠᠭᠠᠭ ᠤᠨ ᠤᠮᠳᠠᠭᠠᠨ ᠵᠡᠷᠭᠡ ᠢᠳᠡᠭᠡᠨᠤᠮᠳᠠᠭᠠᠨ ᠢ ᠤᠯᠠᠨ ᠠᠷᠪᠢᠨ ᠰᠤᠳᠤᠯᠤᠨ ᠦᠢᠯᠡᠳᠪᠦᠷᠢᠯᠡᠵᠦ ᠪᠤᠢ᠃
ᠠᠪᠠᠭ᠎ᠠ ᠬᠤᠰᠢᠭᠤᠨ ᠤ ᠴᠡᠭᠡ
5. ᠠᠪᠠᠭ᠎ᠠ ᠬᠤᠰᠢᠭᠤᠨ ᠤ ᠴᠡᠭᠡ
ᠴᠡᠭᠡ ᠪᠤᠯ ᠲᠦᠮᠡᠨ ᠤ ᠡᠷᠲᠡ ᠤᠵᠠᠭᠤᠷ ᠠᠴᠠ ᠪᠠᠨ ᠳᠡᠭᠡᠳᠦᠯᠡᠭᠰᠡᠭᠡᠷ ᠢᠷᠡᠭᠰᠡᠨᠭᠡᠭᠦᠦ ᠶᠢᠨ ᠰᠦ᠋ ᠪᠠᠷ ᠢᠰᠭᠡᠳᠡᠭ ᠤᠮᠳ᠋ᠠᠭᠠᠨ ᠤ ᠲᠦᠷᠦᠯ ᠪᠤᠯᠬᠤ ᠶᠤᠮ᠃ ᠴᠡᠭᠡ ᠪᠣᠯ ᠰᠤᠷᠭᠤᠭ ᠰᠠᠶᠢᠬᠠᠨᠠᠮᠳᠠᠳᠠᠢ᠂ ᠰᠡᠷᠢᠭᠦᠨ ᠴᠢᠨᠠᠷᠳᠠᠢ ᠪᠦᠬᠡᠳ ᠤᠮᠳᠠ ᠳᠠᠷᠤᠳᠠᠭ᠂ ᠮᠠᠯᠴᠢᠨ ᠲᠦᠮᠡᠨ ᠤ ᠬᠦᠨᠳᠦᠲᠤ ᠵᠤᠴᠢᠨ ᠢᠶᠠᠨᠳᠠᠶᠢᠯᠠᠬᠤ ᠳᠤ ᠲᠤᠰᠬᠠᠢᠢᠯᠠᠨ ᠤᠮᠳᠠᠭᠠᠨ ᠤ ᠳᠡᠭᠡᠵᠢᠪᠤᠯᠤᠨᠠ᠃ ᠴᠡᠭᠡ ᠶᠢ ᠭᠡᠭᠦᠦ ᠶᠢᠨ ᠰᠦ᠋ ᠶᠢ ᠦᠬᠡᠷ ᠬᠤᠨᠢᠨ ᠤ ᠲᠦᠭᠦᠬᠡᠢ ᠠᠷᠠᠰᠤᠨ ᠳᠤ ᠪᠦᠷᠢᠵᠦ᠂ ᠨᠠᠷᠠᠨᠵᠦᠭ ᠬᠠᠨᠳᠤᠭᠤᠯᠤᠨ ᠡᠯᠭᠦᠵᠦ᠂ ᠲᠤᠰᠬᠠᠢ ᠵᠤᠬᠢᠶᠠᠭᠰᠠᠨ ᠨᠠᠷᠢᠨ ᠮᠤᠳᠤ ᠪᠠᠷ ᠡᠳᠤᠷ ᠪᠦᠷᠢ ᠲᠤᠭᠠᠯᠠᠨ ᠪᠦᠯᠢᠵᠦᠢᠰᠭᠡᠨ ᠪᠤᠯᠪᠠᠰᠤᠷᠠᠭᠤᠯᠵᠦ ᠬᠢᠳᠡᠭ ᠶᠤᠮ᠃
ᠴᠡᠭᠡ ᠳ᠋ᠥ ᠨᠡᠭᠦᠷᠡᠰᠦᠬᠦ᠋ᠴᠢᠯ ᠤᠨ ᠬᠡᠢ᠂ ᠺᠠᠽᠠᠸᠢᠨ ᠪᠠ ᠡᠩ ᠤᠨ ᠤᠭᠤᠷᠠᠭ ᠤᠨ ᠪᠦᠯᠦᠭᠯᠡᠯ᠂ᠤᠯᠠᠨ ᠲᠦᠷᠦᠯ ᠤᠨ ᠸᠢᠲ᠋ᠠᠮᠢᠨ᠂ ᠤᠭᠤᠷᠠᠭ ᠤᠨ ᠴᠢᠯᠦᠭᠡᠲᠦ ᠠᠮᠢᠨ ᠬᠦᠴᠢᠯ᠂ ᠡᠷᠤᠳᠡᠰᠦ᠂ ᠮᠢᠨᠧᠷᠡᠯ ᠪᠤᠳᠠᠰ᠂ ᠬᠠᠨᠤᠭᠰᠠᠨᠬᠠᠨᠤᠭᠠ ᠦᠭᠡᠢ ᠦᠭᠡᠬᠦᠨ ᠬᠦᠴᠢᠯ᠂ ᠠᠷᠪᠠᠭᠠᠳ ᠵᠦᠢᠯ ᠤᠨ ᠠᠮᠢᠨᠣ᠋ ᠬᠦᠴᠢᠯ ᠵᠡᠷᠭᠡ ᠰᠢᠮ᠎ᠠ ᠲᠡᠵᠢᠭᠡᠯ ᠲᠠᠢᠪᠤᠳᠠᠰ ᠠᠭᠤᠯᠤᠭᠳᠠᠳᠠᠭ᠃ ᠴᠡᠭᠡ ᠢᠢ ᠦᠷᠭᠦᠯᠵᠢ ᠤᠤᠭᠤᠪᠠᠯ ᠪᠡᠶ᠎ᠠ ᠶᠢ ᠲᠦᠯᠵᠢᠭᠦᠯᠦᠨ᠂ ᠴᠢᠰᠤ ᠰᠢᠷ᠎ᠠ ᠶᠢᠨᠬᠠᠯᠠᠭᠤᠨ ᠢ ᠠᠷᠢᠯᠭᠠᠨ᠂ ᠮᠠᠬᠠᠪᠤᠳ ᠢ ᠲᠡᠭᠰᠢᠳᠭᠡᠬᠦ ᠦᠢᠯᠡᠳᠦᠯ ᠲᠠᠢ᠃ ᠴᠢᠰᠤᠨ ᠳᠠᠷᠤᠯᠲᠠ ᠦᠨᠳᠦᠷ ᠡᠪᠡᠳᠴᠢᠨ᠂ᠰᠤᠳᠠᠯ ᠤᠨ ᠬᠠᠲᠠᠭᠤᠷᠠᠯ᠂ ᠡᠯᠢᠭᠡ ᠵᠢᠷᠦᠬᠡᠨ ᠤ ᠡᠪᠡᠳᠴᠢᠨ᠂ ᠠᠭᠤᠰᠬᠢᠨ ᠰᠦᠷᠢᠶ᠎ᠠ᠂ ᠠᠭᠤᠰᠬᠢᠨ ᠤ ᠬᠠᠪᠤᠳᠠᠷ᠂ᠬᠤᠳᠤᠭᠤᠳᠤ ᠭᠡᠳᠡᠰᠦᠨ ᠤ ᠠᠷᠬᠠᠭ᠂ ᠴᠢᠰᠤᠨ ᠤ ᠦᠭᠡᠬᠦ ᠦᠨᠳᠦᠷ ᠡᠪᠡᠳᠴᠢᠨ᠂ ᠰᠢᠬᠢᠷ ᠰᠢᠵᠢᠩ ᠡᠪᠡᠳᠴᠢᠨ ᠢ ᠵᠠᠰᠠᠬᠤ ᠳᠤᠤᠨᠴᠠ ᠲᠤᠰᠠᠳᠠᠢ᠃ ᠡᠭᠦᠨ ᠠᠴᠠ ᠭᠠᠳᠠᠨ᠎ᠠ᠂ ᠴᠡᠭᠡ ᠳᠤ ᠪᠠᠰᠠ ᠪᠡᠯᠭᠡ ᠶᠢᠨᠰᠠᠶᠢᠵᠢᠷᠠᠯᠲᠠ ᠶᠢ ᠠᠬᠢᠭᠤᠯᠬᠤ᠂ ᠵᠢᠰᠤ ᠭᠤᠶᠤᠯᠠᠬᠤ ᠦᠢᠯᠡᠳᠦᠯ ᠲᠠᠢ᠃ ᠴᠡᠭᠡ ᠶᠢ ᠪᠠᠰᠠ ᠦᠨ ᠨᠠᠢᠮᠠᠨᠬᠤᠪᠤᠷ ᠡᠳ᠋ 》 ᠦᠨ ᠨᠢᠭᠡ ᠨᠢ ᠭᠡᠳᠡᠭ᠃ ᠠᠪᠠᠭ᠎ᠠ ᠬᠤᠰᠢᠭᠤᠨ ᠤ ᠰᠡᠩᠰᠠᠨᠬᠠᠷᠠ ᠠᠳᠤᠭᠤᠨ ᠤ ᠴᠡᠭᠡ ᠨᠢ ᠰᠢᠮ᠎ᠠ ᠲᠡᠵᠢᠭᠡᠯ ᠦᠨᠳᠦᠷ ᠪᠦᠭᠡᠳ ᠬᠦᠮᠦᠨ ᠤ ᠪᠡᠶ᠎ᠠ ᠶᠢ ᠲᠦᠯᠵᠢᠭᠦᠯᠬᠦ ᠤᠬᠢᠰᠠᠶᠢᠨ ᠴᠢᠳᠠᠮᠵᠢ ᠦᠢᠯᠡᠳᠦᠯ ᠲᠠᠢ᠃
ᠬᠦᠯᠦᠨ ᠪᠤᠶᠢᠷ ᠤᠨ ᠮᠢᠬᠠᠨ ᠢᠳ᠋ᠡᠭᠡᠨ
6. ᠬᠦᠯᠦᠨ ᠪᠤᠶᠢᠷ ᠤᠨ ᠮᠢᠬᠠᠨ ᠢᠳ᠋ᠡᠭᠡᠨ
ᠮᠢᠬᠠᠨ ᠢᠳ᠋ᠡᠭᠡᠨ ᠪᠤᠯ ᠬᠦᠯᠦᠨ ᠪᠤᠶᠢᠷ ᠤᠨ ᠲᠠᠯ᠎ᠠ ᠨᠤᠲᠤᠭ ᠲᠠᠬᠢ ᠂ ᠡᠸᠡᠩᠬᠢ᠂ᠤᠷᠴᠤᠨ᠂ ᠳᠠᠭᠤᠷ ᠵᠡᠷᠭᠡ ᠨᠡᠭᠦᠳᠡᠯ ᠮᠠᠯᠵᠢᠯ᠂ ᠠᠡᠭ ᠠᠩᠨᠠᠯ ᠤᠨ ᠦᠨᠳᠦᠰᠦᠲᠡᠨ ᠤ ᠵᠠᠭᠤ ᠵᠢᠯ ᠤᠨ ᠲᠤᠷᠰᠢᠬᠢ ᠤᠯᠠᠮᠵᠢᠯᠠᠯᠲᠤ ᠤᠬᠢ ᠰᠠᠶᠢᠨ ᠢᠳᠡᠭᠡᠨ᠃ᠬᠤᠨᠢ ᠢᠮᠠᠭ᠎ᠠ᠂ ᠦᠬᠡᠷ᠂ ᠮᠤᠷᠢ᠂ ᠲᠡᠮᠡᠭᠡ ᠵᠡᠷᠭᠡ ᠲᠡᠵᠢᠭᠡᠪᠦᠷᠢ ᠠᠮᠢᠲᠠᠨ ᠤ ᠮᠢᠬ᠎ᠠ ᠪᠤᠯᠤᠨ ᠬᠡᠭᠡᠷ᠎ᠠ ᠶᠢᠨᠠᠮᠢᠲᠠᠨ ᠤ ᠮᠢᠬ᠎ᠠ ᠶᠢ ᠴᠢᠨᠠᠵᠦ ᠪᠤᠯᠭᠤᠭᠰᠠᠨ ᠶᠠᠰᠤᠲᠠᠢ ᠮᠢᠬ᠎ᠠ ᠪᠤᠯᠤᠨ᠎ᠠ᠃ ᠤᠳᠤᠬᠠᠨ ᠳᠤ ᠤᠯᠠᠩᠬᠢ ᠳᠠᠭᠠᠨᠬᠤᠨᠢ ᠦᠬᠡᠷ ᠤᠨ ᠴᠢᠨᠠᠭᠰᠠᠨ ᠮᠢᠬ᠎ᠠ ᠶᠢ ᠵᠢᠭᠠᠳᠠᠭ᠃ ᠴᠢᠨᠠᠭᠰᠠᠨ ᠮᠢᠬ᠎ᠠ ᠪᠤᠯ ᠲᠠᠯ᠎ᠠ ᠶᠢᠨ ᠮᠠᠯᠴᠢᠳ ᠤᠨ ᠦᠷᠭᠦᠯᠵᠢᠢᠳᠡᠳᠡᠭ ᠮᠦᠷᠲᠡᠭᠡᠨ ᠬᠠᠮᠤᠭ ᠤᠨ ᠳᠤᠷᠠᠲᠠᠢ ᠢᠳᠡᠭᠡᠨ ᠤ ᠨᠢᠭᠡ ᠪᠤᠯᠬᠤ ᠪᠦᠬᠡᠳ ᠲᠡᠳᠡᠨᠡᠷ ᠤᠨ ᠭᠡᠶᠢᠴᠢᠨ ᠵᠤᠴᠢᠨ ᠢᠶᠠᠨᠵᠤᠴᠢᠯᠠᠬᠤ ᠤᠬᠢ ᠰᠠᠶᠢᠨ ᠢᠳᠡᠭᠡᠨ ᠪᠤᠯᠤᠨ᠎ᠠ᠃
ᠵᠦᠸᠧᠽᠢ ᠰᠢᠶᠠᠨ ᠤ ᠤᠲᠤᠮᠠᠯ ᠲᠠᠬᠢᠶ᠎ᠠ
7. ᠵᠦᠸᠧᠽᠢ ᠰᠢᠶᠠᠨ ᠤ ᠤᠲᠤᠮᠠᠯ ᠲᠠᠬᠢᠶ᠎ᠠ
ᠤᠲᠤᠮᠠᠯ ᠲᠠᠬᠢᠶ᠎ᠠ ᠪᠤᠯ ᠤᠯᠠᠭᠠᠨᠴᠠᠪ ᠬᠤᠲᠠ ᠶᠢᠨ ᠵᠦᠸᠧᠽᠢ ᠰᠢᠶᠠᠨ ᠤ ᠤᠳ᠋ᠠᠭᠠᠨ ᠵᠢᠯ ᠦᠨᠲᠡᠤᠬᠡ ᠲᠠᠢ ᠤᠯᠠᠮᠵᠢᠯᠠᠯᠲᠤ ᠨᠡᠷᠡᠲᠤ ᠢᠳᠡᠭᠡᠨ ᠪᠣᠯᠬᠣ ᠶᠤᠮ᠃ ᠪᠦᠬᠦ ᠤᠯᠤᠰ ᠤᠨ ᠭᠤᠷᠪᠠᠨ ᠶᠡᠭᠡ ᠨᠡᠷᠡᠲᠤ ᠪᠣᠯᠭᠤᠭᠰᠠᠨᠲᠠᠬᠢᠶᠠ ᠶᠢᠨ ᠨᠢᠭᠡ ᠨᠢ ᠪᠤᠯᠤᠨ᠎ᠠ᠃ ᠵᠦᠸᠧᠽᠢ ᠰᠢᠶᠠᠨ ᠤ ᠤᠲᠤᠮᠠᠯ ᠲᠠᠬᠢᠶ᠎ᠠ ᠢᠢᠨᠦᠩᠭᠡ ᠨᠢ ᠡᠲᠡᠭᠡᠳ ᠭᠤᠶᠤ᠂ ᠦᠨᠦᠷ ᠠᠮᠲᠠ ᠨᠢ ᠰᠤᠷᠭᠤᠭ ᠰᠠᠶᠢᠬᠠᠨ᠂ ᠮᠢᠬᠠᠨ ᠤ ᠴᠢᠨᠠᠷ ᠨᠢ ᠨᠠᠷᠢᠨ ᠪᠤᠯᠪᠠᠷᠠᠢᠵᠦᠭᠡᠯᠡᠨ ᠪᠠᠶᠢᠳ᠋ᠠᠭ᠃
ᠦᠬᠠᠢ ᠬᠤᠲᠠ ᠶᠢᠨ ᠱᠦᠯᠦ ᠲᠠᠢ ᠦᠬᠡᠷ ᠤᠨ ᠰᠡᠭᠦᠯ
8. ᠦᠬᠠᠢ ᠬᠤᠲᠠ ᠶᠢᠨ ᠱᠦᠯᠦ ᠲᠠᠢ ᠦᠬᠡᠷ ᠤᠨ ᠰᠡᠭᠦᠯ
ᠦᠬᠠᠢ ᠬᠤᠲᠠ ᠶᠢᠨ ᠱᠦᠯᠦ ᠲᠠᠢ ᠦᠬᠡᠷ ᠤᠨ ᠰᠡᠭᠦᠯ ᠪᠣᠯ ᠦᠪᠦᠷ ᠤᠨ ᠤᠯᠠᠮᠵᠢᠯᠠᠯᠲᠤᠨᠡᠷᠡᠲᠤ ᠵᠠᠭᠤᠰᠢ ᠶᠢᠨ ᠨᠢᠭᠡ ᠨᠢ ᠪᠣᠯᠬᠣ ᠪᠦᠭᠡᠳ ᠦᠬᠠᠢ ᠤᠷᠤᠨ ᠤ ᠤᠨᠴᠠᠯᠢᠭᠲᠤ ᠵᠠᠭᠤᠰᠢ ᠨᠢᠭᠡ ᠨᠢ ᠪᠣᠯᠤᠨ᠎ᠠ᠃ᠦᠪᠦᠷ ᠤᠷᠤᠨ ᠤ ᠰᠢᠨ᠎ᠠ ᠰᠤᠷᠭᠤᠭ ᠦᠬᠡᠷ ᠤᠨ ᠰᠡᠭᠦᠯ ᠢᠶᠠᠷ ᠭᠤᠤᠯ ᠲᠦᠭᠦᠬᠡᠢᠮᠠᠲ᠋ᠧᠷᠢᠶᠠᠯ ᠪᠤᠯᠭᠠᠵᠦ᠂ ᠲᠠᠬᠢᠶᠠᠨ ᠬᠦᠯ᠂ ᠵᠢᠭᠠᠰᠤᠨ ᠭᠡᠳᠡᠰᠦ᠂ ᠳᠠᠯᠠᠢ ᠶᠢᠨ ᠢᠳᠡᠭᠡᠨ ᠵᠡᠷᠭᠡ ᠶᠢ ᠳᠠᠭᠠᠯᠳᠤᠭᠤᠯᠵᠦᠬᠢᠭᠰᠡᠨ ᠱᠦᠯᠦ ᠲᠠᠢ ᠵᠠᠭᠤᠰᠢ ᠪᠣᠯᠬᠣ ᠶᠤᠮ ᠃ ᠰᠢᠮ᠎ᠠ ᠲᠡᠵᠢᠭᠡᠯ ᠤᠨ ᠠᠭᠤᠯᠤᠭᠳᠠᠭᠴᠠ ᠦᠨᠳᠦᠷ᠂ ᠠᠮᠲᠠ ᠰᠢᠮᠲᠠ ᠨᠢᠤᠬᠢ ᠰᠢᠯᠢᠳᠡᠭ ᠮᠦᠷᠲᠡᠭᠡᠨ ᠤᠳᠠᠭᠠᠨ ᠵᠢᠯ ᠤᠨ ᠲᠡᠤᠬᠡ ᠲᠠᠢ ᠠᠮᠲᠠᠲᠤ ᠢᠳᠡᠭᠡᠨ ᠪᠤᠯᠤᠨ᠎ᠠ᠃
ᠤᠯᠠᠭᠠᠨᠬᠠᠳᠠ ᠶᠢᠨ ᠬᠠᠪᠴᠢᠮᠠᠯ ᠪᠤᠤᠪᠤ
9. ᠤᠯᠠᠭᠠᠨᠬᠠᠳᠠ ᠶᠢᠨ ᠬᠠᠪᠴᠢᠮᠠᠯ ᠪᠤᠤᠪᠤ
ᠰᠢᠷᠠᠭᠰᠠᠨ ᠪᠤᠤᠪᠤ ᠶᠢᠨ ᠲᠤᠲᠤᠷ᠎ᠠ ᠤᠲᠤᠮᠠᠯ ᠮᠢᠬ᠎ᠠ ᠶᠢ ᠬᠠᠪᠴᠢᠭᠤᠯᠤᠨ ᠬᠢᠭᠰᠡᠨ ᠠᠮᠲᠠᠲᠤᠢᠳᠡᠭᠡᠨ᠃ ᠬᠡᠤᠷᠡᠭ ᠮᠦᠷᠲᠡᠭᠡᠨ ᠠᠮᠲᠠᠲᠠᠢ᠃
ᠲᠦᠡᠭᠯᠢᠶᠤᠤ ᠶᠢᠨ ᠨᠤᠭᠤᠭ᠎ᠠ ᠶᠢᠨ ᠪᠠᠭᠯᠠᠭᠠᠰᠤ
10. ᠲᠦᠡᠭᠯᠢᠶᠤᠤ ᠶᠢᠨ ᠨᠤᠭᠤᠭ᠎ᠠ ᠶᠢᠨ ᠪᠠᠭᠯᠠᠭᠠᠰᠤ
ᠪᠠᠰᠠ《ᠪᠤᠳᠠᠭᠠᠨ ᠤ ᠪᠠᠭᠯᠠᠭᠠᠰᠤ 》ᠴᠤ ᠭᠡᠳᠡᠭ᠃ ᠤᠬᠢᠶᠠᠵᠦᠴᠡᠪᠡᠷᠯᠡᠭᠰᠡᠨ ᠴᠠᠭᠠᠨ ᠨᠤᠭᠤᠭ᠎ᠠ ᠶᠢᠨ ᠨᠠᠪᠴᠢᠨ ᠳᠤ ᠴᠢᠨᠠᠭᠰᠠᠨ ᠪᠣᠳ᠋ᠠᠭᠠ᠂ ᠰᠤᠩᠭᠢᠨ᠎ᠠ᠂ ᠠᠩᠭᠢᠯᠣᠮᠠᠨᠤᠭᠤᠭᠠ᠂ ᠦᠷᠭᠡᠰᠦᠲᠦ ᠬᠡᠮᠭᠡ ᠶᠢᠨ ᠨᠠᠷᠢᠨ ᠬᠡᠷᠴᠢᠮᠡᠯ ᠵᠡᠷᠭᠡ ᠰᠢᠨ᠎ᠠ ᠰᠤᠷᠭᠤᠭ ᠢᠳᠡᠰᠢᠨ ᠨᠤᠭᠤᠭ᠎ᠠ ᠶᠢᠵᠡᠷᠭᠡᠯᠡᠨ ᠲᠠᠯᠪᠢᠵᠦ᠂ ᠪᠤᠷᠴᠠᠭ ᠤᠨ ᠵᠢᠶᠠᠩ ᠢ ᠲᠦᠷᠬᠢᠵᠦ ᠪᠠᠭᠯᠠᠭᠠᠳ ᠢᠳᠡᠳᠡᠭ ᠨᠢᠭᠡᠡ ᠵᠦᠢᠯ ᠤᠨ ᠠᠮᠲᠠᠲᠤᠢᠳᠡᠭᠡᠨ ᠪᠤᠯᠤᠨ᠎ᠠ᠃ ᠮᠦᠨᠴᠤ ᠲᠦᠡᠭᠯᠢᠶᠤᠤ ᠤᠷᠤᠨ ᠤ ᠬᠦᠮᠦᠰ ᠤᠨ ᠬᠠᠮᠤᠭ ᠤᠨ ᠢᠳᠡᠬᠦ ᠳᠤᠷᠠᠲᠠᠢ ᠢᠳᠡᠭᠡᠨ ᠤᠨᠢᠭᠡ ᠨᠢ ᠪᠤᠯᠤᠨ᠎ᠠ᠃
ᠤᠷᠳᠤᠰ ᠤᠨ ᠢᠰᠭᠦᠯᠡᠩ ᠪᠤᠳᠠᠭ᠎ᠠ
11. ᠤᠷᠳᠤᠰ ᠤᠨ ᠢᠰᠭᠦᠯᠡᠩ ᠪᠤᠳᠠᠭ᠎ᠠ
ᠦᠪᠦᠷ ᠦᠨ ᠪᠠᠷᠠᠭᠤᠨᠬᠡᠰᠡᠭ ᠤᠷᠤᠨ ᠤ ᠬᠦᠮᠦᠰ ᠤᠨ ᠦᠷᠭᠦᠯᠵᠢ ᠢᠳᠡᠳᠡᠭ ᠤᠨᠴᠠᠯᠢᠭᠲᠤ ᠢᠳᠡᠭᠡᠨ ᠪᠤᠯᠤᠨ᠎ᠠ᠃ ᠢᠰᠭᠦᠯᠡᠩ ᠪᠤᠳᠠᠭ᠎ᠠ ᠶᠢ ᠢᠳᠡᠪᠡᠯ ᠠᠭᠠᠭᠢᠮ᠎ᠠ ᠬᠠᠯᠠᠭᠤᠨ ᠳᠤᠠᠵᠢᠯ ᠬᠦᠳᠡᠯᠮᠦᠷᠢ ᠬᠢᠬᠦ ᠳᠤ ᠦᠯ ᠲᠠᠢ᠂ ᠤᠮᠳ᠋ᠠ ᠳᠠᠷᠤᠬᠤ ᠮᠦᠷᠲᠡᠭᠡᠨ ᠨᠠᠷᠠᠰᠢᠬᠤ ᠶᠢ ᠰᠡᠷᠬᠡᠶᠢᠯᠡᠨ᠎ᠠ᠃
ᠬᠦᠯᠦᠨ ᠪᠤᠶᠢᠷ ᠤᠨ ᠲᠠᠷᠭᠣᠨ ᠭᠡᠳᠡᠰᠦ
12. ᠬᠦᠯᠦᠨ ᠪᠤᠶᠢᠷ ᠤᠨ ᠲᠠᠷᠭᠣᠨ ᠭᠡᠳᠡᠰᠦ
ᠬᠤᠨᠢᠨ ᠤ ᠠᠭᠰᠢᠭᠤᠨ ᠴᠢᠰᠤᠨ ᠡᠭᠡᠳᠡᠩ ᠢ ᠵᠢᠭᠠᠬᠠᠨ ᠦᠭᠡᠬᠦ ᠲᠠᠢ ᠬᠤᠯᠢᠵᠦ᠂ ᠠᠷᠢᠯᠭᠠᠨ ᠴᠡᠪᠡᠷᠯᠡᠭᠰᠡᠨᠪᠦᠳᠦᠭᠦᠨ ᠭᠡᠳᠡᠰᠦᠨ ᠳᠤ ᠰᠤᠩᠭᠢᠨ᠎ᠠ᠂ ᠰᠡᠷᠢᠮᠰᠠᠭ᠂ ᠠᠮᠲᠠ ᠶᠢᠨ ᠤᠬᠢ ᠵᠡᠷᠭᠡ ᠲᠠᠢ ᠬᠠᠮᠲᠤ ᠴᠢᠳᠬᠤᠵᠦ ᠪᠤᠯᠭᠤᠭᠰᠠᠨᠢᠳᠡᠭᠡᠨ᠃
ᠪᠠᠶᠠᠨᠨᠠᠭᠤᠷ ᠤᠨ ᠯᠢᠶᠠᠩ ᠹᠧᠨ
13. ᠪᠠᠶᠠᠨᠨᠠᠭᠤᠷ ᠤᠨ ᠯᠢᠶᠠᠩ ᠹᠧᠨ
ᠴᠠᠶᠢᠪᠤᠷ ᠦᠩᠭᠡ ᠲᠠᠢ᠂ ᠰᠠᠶᠢᠬᠠᠨ ᠂ ᠵᠤᠨ ᠤ ᠴᠠᠭ ᠲᠤ ᠬᠠᠯᠠᠭᠤᠨ ᠢ ᠬᠦᠭᠡᠭᠡᠵᠦ ᠦᠯᠦᠰᠬᠦ ᠶᠢ ᠳᠠᠷᠤᠳᠠᠭᠰᠡᠷᠢᠭᠦᠨ ᠲᠠᠭᠠᠲᠠᠢ ᠤᠬᠢ ᠢᠳᠡᠭᠡᠨ ᠤ ᠨᠢᠭᠡ᠃
ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠨ
14. ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠨ
ᠰᠢᠯᠤᠭᠤᠨ ᠬᠦᠬᠡ ᠬᠤᠰᠢᠭᠤ ᠪᠤᠯ ᠴᠠᠭᠠᠨ ᠢᠳᠡᠭᠡᠨ ᠤ ᠰᠤᠶᠤᠯ ᠤᠨ ᠦᠯᠦᠭᠡᠢ ᠶᠤᠮ᠃ 2013 ᠤᠨ ᠤ 12 ᠳ᠋ᠤᠭᠠᠷ ᠰᠠᠷ᠎ᠠ ᠳᠤ 《ᠰᠢᠯᠤᠭᠤᠨ ᠬᠦᠬᠡ ᠬᠤᠰᠢᠭᠤᠨ ᠤᠬᠤᠷᠤᠳ 》 ᠪᠤᠯᠤᠨ 《ᠰᠢᠯᠤᠭᠤᠨ ᠬᠦᠬᠡ ᠬᠤᠰᠢᠭᠤᠨ ᠤᠦᠷᠦᠮᠠ 》 ᠤᠯᠤᠰ ᠤᠨ ᠭᠠᠵᠠᠷ ᠵᠦᠢ ᠶᠢᠨ ᠢᠯᠡᠷᠬᠡᠶᠢᠯᠡᠯᠳᠤ ᠦ ᠬᠠᠮᠠᠭᠠᠯᠠᠯᠲᠠ ᠶᠢ ᠬᠦᠷᠲᠡᠵᠦ᠂ 2014 ᠤᠨ ᠤ 8 ᠳ᠋ᠤᠭᠠᠷ ᠰᠠᠷ᠎ᠠ ᠳᠤ《 ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠨ ᠦᠢᠯᠡᠳᠪᠦᠷᠢᠯᠡᠬᠦ ᠠᠷᠭ᠎ᠠ 》ᠠᠮᠵᠢᠯᠲᠠ ᠲᠠᠢ ᠪᠠᠷ ᠤᠯᠤᠰ ᠤᠨᠪᠤᠳᠠᠰ ᠤᠨ ᠪᠤᠰᠤ ᠰᠤᠶᠤᠯ ᠤᠨ ᠦᠪ ᠢᠶᠠᠷ ᠃
ᠰᠢᠯᠤᠭᠤᠨ ᠬᠦᠬᠡ ᠬᠤᠰᠢᠭᠤᠨ ᠤ ᠴᠠᠭᠠᠨ ᠢᠳᠡᠭᠡᠠ ᠤᠮᠳᠠᠭᠠᠨ ᠲᠦᠷᠦᠯ ᠵᠦᠢᠯ ᠢᠶᠠᠷ ᠃ ᠬᠤᠷᠤᠳ ᠪᠢᠰᠢᠯᠠᠭ᠂ ᠦᠷᠦᠮ᠎ᠠ᠂ ᠵᠦᠬᠡᠬᠡᠢ᠂ ᠰᠢᠷ᠎ᠠ ᠲᠤᠰᠤ᠂ ᠰᠠᠭᠠᠯᠢ ᠶᠢᠨᠠᠷᠢᠬᠢ᠂ ᠲᠠᠷᠠᠭ ᠭᠡᠵᠤ ᠬᠡᠳᠦᠨ ᠠᠷᠪᠠᠨ ᠲᠦᠷᠦᠯ ᠬᠤᠪᠢᠶᠠᠳᠠᠭ᠃ ᠰᠢᠯᠤᠭᠤᠨ ᠬᠦᠬᠡ ᠬᠤᠰᠢᠭᠤᠨ ᠤ ᠴᠠᠭᠠᠨ ᠢᠳ᠋ᠡᠭᠡᠨᠨᠢ ᠤᠯᠠᠮᠵᠢᠯᠠᠯᠲᠤ ᠠᠮᠲᠠ ᠰᠢᠮᠲᠡ ᠪᠠᠨ ᠬᠠᠳ᠋ᠠᠭᠠᠯᠠᠭᠰᠠᠨ ᠪᠠᠶᠢᠳᠠᠭ᠃
ᠰᠢᠷᠠᠭᠰᠠᠨ ᠬᠣᠨᠢᠨ ᠤ ᠤᠭᠤᠴᠠ
15. ᠬᠢᠨᠭ᠍ᠭᠠᠨ ᠤ ᠰᠢᠷᠠᠭᠰᠠᠨ ᠬᠣᠨᠢᠨ ᠤ ᠤᠭᠤᠴᠠ
ᠦᠩᠭᠡ ᠨᠢ ᠭᠢᠯᠲᠠᠭᠠᠨᠠᠮ᠎ᠠ ᠰᠤᠷᠭᠤᠭ᠂ ᠮᠢᠬ᠎ᠠ ᠨᠢ ᠬᠡᠤᠷᠡᠭ ᠮᠦᠷᠲᠡᠭᠡᠨᠦᠨᠦᠷ ᠠᠮᠲᠠ ᠨᠢ ᠡᠲᠡᠭᠡᠳ ᠰᠠᠶᠢᠬᠠᠨ᠂ ᠰᠢᠮ᠎ᠠ ᠲᠡᠵᠢᠭᠡᠯ ᠢᠶᠠᠷ ᠡᠯᠪᠡᠭ ᠪᠠᠶᠢᠳᠠᠭ᠃ ᠬᠦᠮᠦᠰ ᠦᠨ ᠪᠡᠶ᠎ᠠ ᠮᠠᠬᠠᠪᠤᠳ ᠢᠢᠡᠨ ᠴᠠᠬᠢᠷᠠᠭᠵᠢᠭᠤᠯᠵᠦ ᠰᠢᠮ᠎ᠠ ᠲᠡᠵᠢᠭᠡᠯ ᠨᠦᠬᠦᠪᠦᠷᠢᠯᠡᠬᠦ ᠳᠤ ᠲᠤᠬᠢᠷᠠᠮᠵᠢᠲᠠᠢ᠃ ᠰᠢᠷᠠᠭᠰᠠᠨᠬᠤᠨᠢᠨ ᠭᠤᠶ᠎ᠠ ᠪᠤᠯ ᠬᠦᠮᠦᠨ ᠤ ᠭᠡᠶᠢᠴᠢᠨ ᠵᠤᠴᠢᠨ ᠢᠶᠠᠨ ᠳᠠᠶᠢᠯᠠᠬᠤ ᠳᠤ ᠬᠡᠷᠡᠭᠯᠡᠳᠡᠭᠢᠷᠭᠡ ᠶᠢᠨ ᠰᠢᠭᠦᠰᠦ ᠠᠴᠠ ᠤᠯᠠᠷᠢᠨ ᠬᠤᠪᠢᠷᠠᠵᠦ ᠢᠷᠡᠭᠰᠡᠨ ᠨᠢᠭᠡ ᠵᠦᠢᠯ ᠤᠨ ᠠᠮᠲᠠᠲᠤ ᠢᠳᠡᠭᠡᠨ ᠪᠤᠯᠤᠨ᠎ᠠ᠃
ᠪᠠᠶᠠᠨᠨᠠᠭᠤᠷ ᠦᠨ ᠭᠠᠬᠠᠢ ᠮᠢᠬ᠎ᠠ ᠲᠠᠢ ᠴᠢᠨᠠᠭᠰᠠᠨ ᠢᠰᠭᠦᠯᠡᠩ ᠨᠤᠭᠤᠭ᠎ᠠ
16. ᠪᠠᠶᠠᠨᠨᠠᠭᠤᠷ ᠤᠨ ᠭᠠᠭ᠋ᠠᠢ ᠶᠢᠨ ᠮᠢᠬ᠎ᠠ ᠲᠠᠢ ᠴᠢᠨᠠᠭᠰᠠᠨ ᠢᠰᠭᠦᠯᠡᠩ ᠨᠤᠭᠤᠭ᠎ᠠ
ᠭᠠᠭ᠋ᠠᠢ ᠶᠢᠨ ᠬᠠᠷ᠎ᠠ ᠮᠢᠬ᠎ᠠ ᠶᠢ ᠢᠰᠭᠦᠯᠡᠩ ᠨᠤᠭᠤᠭ᠎ᠠ᠂ ᠲᠦᠮᠦᠰᠦ ᠵᠡᠷᠭᠡ ᠲᠠᠢ ᠬᠠᠮᠲᠤ ᠴᠢᠨᠠᠵᠦᠪᠤᠯᠭᠤᠭᠠᠳ ᠂ ᠭᠤᠭᠤᠳ ᠂ ᠰᠤᠩᠭᠢᠨ᠎ᠠ ᠵᠡᠷᠭᠡ ᠶᠢ ᠬᠢᠵᠦ ᠠᠮᠲᠠ ᠤᠷᠤᠭᠤᠯᠤᠨ ᠬᠠᠭᠤᠷᠤᠭᠰᠠᠨᠵᠠᠭᠤᠰᠢ ᠪᠤᠯᠤᠨ᠎ᠠ᠃
ᠠᠯᠠᠱᠠ ᠶᠢᠨ ᠰᠠᠮ ᠪᠤᠭᠤᠷᠰᠤᠭ
17. ᠠᠯᠠᠱᠠ ᠶᠢᠨ ᠰᠠᠮ ᠪᠤᠭᠤᠷᠰᠤᠭ
ᠠᠯᠠᠱᠠ ᠶᠢᠨ ᠡᠯ᠎ᠠ ᠠᠶᠢᠮᠠᠭ ᠶᠠᠰᠤᠲᠠᠨ ᠡᠷᠲᠡ ᠢᠵᠠᠭᠤᠷ ᠠᠴᠠ ᠪᠠᠨᠰᠠᠮ ᠪᠤᠭᠤᠷᠰᠤᠭ ᠢᠳᠡᠬᠦ ᠵᠠᠩ ᠳᠠᠳᠬᠠᠯ ᠲᠠᠢ ᠪᠠᠶᠢᠳᠠᠭ᠃ ᠪᠠᠶᠠᠷ ᠳᠤᠷᠠᠰᠬᠠᠯ ᠤᠨ ᠡᠳᠤᠷ ᠪᠣᠯᠪᠠᠯ ᠤᠯᠠᠨ ᠬᠦᠮᠦᠰ ᠲᠡᠭᠦᠨ ᠢ ᠬᠢᠵᠤ ᠢᠳ᠋ᠡᠳ᠋ᠡᠭ ᠃
ᠬᠤᠷᠴᠢᠨ ᠤ ᠪᠤᠷᠴᠠ
18. ᠬᠤᠷᠴᠢᠨ ᠤ ᠪᠤᠷᠴᠠ
ᠪᠤᠷᠴᠠ ᠪᠤᠯ ᠲᠤᠭᠤᠷᠭᠠᠲᠠᠨ ᠤ ᠮᠤᠷᠢᠲᠠᠨ ᠴᠡᠷᠢᠭ ᠤᠨ ᠬᠦᠨᠡᠰᠤᠨ ᠠᠴᠠ ᠢᠷᠡᠯᠲᠠᠢ᠃ᠠᠪᠴᠤ ᠶᠠᠪᠤᠬᠤ ᠳᠤ ᠳᠦᠭᠦᠮ ᠮᠦᠷᠲᠡᠭᠡᠨ ᠰᠢᠮ᠎ᠠ ᠲᠡᠵᠢᠭᠡᠯ ᠂ ᠦᠨᠦᠷ ᠠᠮᠲᠠ ᠰᠠᠶᠢᠲᠠᠢ ᠃ 《ᠴᠢᠩᠭᠢᠰ ᠬᠠᠭᠠᠨ ᠤ ᠴᠡᠷᠢᠭ ᠤᠨ ᠬᠦᠨᠡᠰᠦ 》ᠭᠡᠰᠡᠨ ᠰᠠᠶᠢᠬᠠᠨ ᠠᠯᠳᠠᠷ ᠲᠠᠢ ᠶᠤᠮ᠃
ᠢᠷᠡᠯᠲᠡ᠄ ᠳᠤᠮᠳ᠋ᠠᠳ᠋ᠤ ᠤᠯᠣᠰ ᠦᠨ ᠮᠣᠩᠭᠣᠯ ᠬᠡᠯᠡᠨ ᠦ ᠰᠣᠨᠢᠨ ᠮᠡᠳ᠋ᠡᠭᠡ ᠢᠢᠨ ᠰᠦᠯᠵᠢᠶ᠎ᠠ