ᠵᠤᠬᠢᠶᠠᠭᠴᠢ:
ᠴᠠᠭ:2021-04-09
ᠥᠵᠡᠭᠰᠡᠨ : ℃
ᠢᠷᠡᠯᠲᠡ:
ᠠᠯᠠᠱᠠ ᠠᠶᠢᠮᠠᠭ ᠤᠨ ᠠᠯᠠᠱᠠ ᠵᠡᠭᠦᠨ ᠬᠣᠰᠢᠭᠤ ᠠᠷᠪᠠ
2017 ᠣᠨ ᠳᠤ ᠂ ᠠᠯᠠᠱᠠ ᠵᠡᠭᠦᠨ ᠬᠣᠰᠢᠭᠤᠨ ᠤ ᠡᠷᠦᠬᠡ ᠠᠮᠠ ᠶᠢᠨ ᠲᠠᠩᠰᠠ ᠲᠠᠶ ᠬᠥᠮᠦᠨ ᠠᠮᠠ 144734 ᠃ ᠡᠭᠦᠨ ᠳᠦ ᠄ ᠬᠣᠲᠠ ᠪᠠᠯᠭᠠᠰᠤᠨ ᠤ ᠬᠥᠮᠦᠨ ᠠᠮᠠ 113179 ᠂ ᠬᠥᠳᠡᠭᠡ ᠲᠣᠰᠬᠣᠨ ᠤ ᠬᠥᠮᠦᠨ ᠠᠮᠠ 3555 ᠪᠤᠶ ᠡᠷᠡᠭᠲᠡᠶ 72329 ᠬᠥᠮᠦᠨ ᠂ ᠡᠮᠡᠭᠲᠡᠶ 72405 ᠬᠥᠮᠦᠨ ᠴᠥᠭᠡᠨ ᠲᠣᠭᠠᠲᠤ ᠦᠨᠳᠦᠰᠦᠲᠡᠨ ᠦ ᠬᠥᠮᠦᠨ ᠠᠮᠠ 49630 ᠪᠠᠶᠢᠵᠤ ᠂ ᠡᠭᠦᠨ ᠳᠦ ᠮᠣᠩᠭᠣᠯ ᠦᠨᠳᠦᠰᠦᠲᠡᠨ 39623 ᠬᠥᠮᠦᠨ ᠪᠠᠶᠢᠵᠤ ᠂ ᠡᠷᠦᠬᠡ ᠠᠮᠠ ᠶᠢᠨ ᠲᠠᠩᠰᠠ ᠲᠠᠶ ᠪᠥᠬᠥ ᠬᠥᠮᠦᠨ ᠠᠮᠠ ᠶᠢᠨ 27.4 % ᠶᠢ ᠡᠵᠡᠯᠡᠵᠦ ᠃ ᠪᠦᠬᠦ ᠵᠢᠯ ᠳᠦ ᠲᠥᠷᠥᠭᠰᠡᠨ ᠬᠥᠮᠦᠨ ᠠᠮᠠ 1904 ᠪᠠᠶᠢᠵᠤ ᠂ ᠲᠥᠷᠥᠭᠰᠡᠨ ᠨᠣᠷᠮ᠎ᠠ ᠨᠢ 11.56 ‰ ᠬᠥᠮᠦᠨ ᠠᠮᠠ 648 ᠪᠠᠶᠢᠵᠤ ᠂ ᠨᠤᠷᠮ᠎ᠠ ᠨᠢ 393 ‰ ᠠᠶᠠᠨᠳᠠᠭᠠᠨ ᠨᠡᠮᠡᠭᠳᠡᠭᠰᠡᠨ ᠬᠥᠮᠦᠨ ᠠᠮᠠ 1256 ᠪᠠᠶᠢᠵᠤ ᠂ ᠠᠶᠠᠨᠳᠠᠭᠠᠨ ᠨᠡᠮᠡᠭᠳᠡᠭᠰᠡᠨ ᠨᠣᠷᠮ᠎ᠠ 7.62 ‰ ᠃
2017 ᠣᠨ ᠳᠤ ᠂ ᠠᠯᠠᠱᠠ ᠵᠡᠭᠦᠨ ᠬᠣᠰᠢᠭᠤᠨ ᠤ ᠦᠶᠯᠡᠳᠪᠦᠷᠢᠯᠡᠯ ᠦᠨ ᠶᠡᠷᠦᠩᠬᠡᠶ ᠥᠷᠲᠡᠭ 3.8 % ᠪᠠᠷ ᠨᠡᠮᠡᠭᠳᠡᠪᠡ᠃ ᠡᠭᠦᠨ ᠳᠦ ᠄ ᠨᠢᠭᠡᠳᠦᠭᠡᠷ ᠠᠵᠤ ᠦᠢᠯᠡᠰ ᠦᠨ ᠨᠡᠮᠡᠭᠳᠡᠯ ᠥᠷᠲᠡᠭ 4.6% ᠪᠡᠷ ᠨᠡᠮᠡᠭᠳᠡᠪᠡ ᠬᠣᠶᠠᠳᠤᠭᠠᠷ ᠠᠵᠤ ᠦᠶᠯᠡᠰ ᠦᠨ ᠨᠡᠮᠡᠭᠳᠡᠯ ᠥᠷᠲᠡᠭ 4.0 % ᠢᠶᠠᠷ ᠨᠡᠮᠡᠭᠳᠡᠪᠡ ᠭᠤᠷᠪᠠᠳᠤᠭᠠᠷ ᠠᠵᠤ ᠦᠶᠯᠡᠰ ᠦᠨ ᠨᠡᠮᠡᠭᠳᠡᠯ ᠥᠷᠲᠡᠭ 3.3 % ᠪᠠᠷ ᠨᠡᠮᠡᠭᠳᠡᠪᠡ᠃ ᠭᠤᠷᠪᠠᠨ ᠠᠵᠤ ᠦᠢᠯᠡᠰ ᠦᠨ ᠬᠠᠷᠢᠴᠠᠯ ᠨᠢ 4.9:64.9:30.2 ᠪᠣᠯᠤᠨ᠎ᠠ᠃ ᠬᠥᠮᠦᠨ ᠳᠤᠮᠳᠠᠴᠢ ᠦᠶᠯᠡᠳᠪᠦᠷᠢᠯᠡᠯ ᠦᠨ ᠶᠡᠷᠦᠩᠬᠡᠶ ᠥᠷᠲᠡᠭ 1.8 % ᠪᠠᠷ ᠨᠡᠮᠡᠭᠳᠡᠪᠡ᠃
2017 ᠣᠨ ᠳᠤ ᠂ ᠰᠠᠭᠤᠭᠠᠯᠢ ᠠᠷᠠᠳ ᠤᠨ ᠬᠡᠷᠡᠭᠯᠡᠭᠡᠨ ᠦ ᠦᠨ᠎ᠡ ᠶᠢᠨ ᠶᠡᠷᠦᠩᠬᠡᠢ ᠲᠦᠪᠰᠢᠨ 2016 ᠣᠨ ᠤ ᠬᠢ ᠡᠴᠡ 2.5 % ᠨᠡᠮᠡᠭᠳᠡᠪᠡ᠃ ᠲᠥᠷᠥᠯ ᠬᠤᠪᠢᠶᠠᠨ ᠦᠵᠡᠪᠡᠯ ᠂ ᠰᠠᠭᠤᠭᠠᠯᠢ ᠠᠷᠠᠳ ᠤᠨ ᠬᠡᠷᠡᠭᠯᠡᠭᠡᠨ ᠦ ᠨᠠᠶᠮᠠᠨ ᠶᠡᠬᠡ ᠲᠥᠷᠥᠯ ᠦᠨ ᠲᠠᠸᠠᠷ ᠪᠠ ᠦᠶᠯᠡᠴᠢᠯᠡᠭᠡᠨ ᠦ ᠵᠦᠶᠯᠡᠰ ᠦᠨ ᠦᠨ᠎ᠡ ᠬᠠᠩᠰᠢ ᠳᠤ ᠵᠢᠷᠭᠤᠭ᠎ᠠ ᠨᠢ ᠳᠡᠭᠡᠭᠰᠢᠯᠡᠵᠦ ᠬᠣᠶᠠᠷ ᠨᠢ ᠪᠠᠭᠤᠷᠠᠬᠤ ᠪᠠᠶᠢᠳᠠᠯ ᠢᠯᠡᠷᠡᠪᠡ᠃ ᠡᠭᠦᠨ ᠳᠦ ᠂ ᠡᠮᠴᠢᠯᠡᠭᠡ ᠡᠷᠡᠭᠦᠯᠵᠢᠯ ᠦᠨ ᠲᠥᠷᠥᠯ ᠦᠨ ᠦᠨ᠎ᠡ ᠬᠠᠩᠰᠢ 17.0 % ᠪᠠᠷ ᠥᠰᠴᠦ ᠂ ᠬᠤᠪᠴᠠᠰᠤ ᠬᠤᠨᠠᠷ ᠤᠨ ᠲᠥᠷᠥᠯ ᠦᠨ ᠦᠨ᠎ᠡ ᠬᠠᠩᠰᠢ 0.7 % ᠪᠠᠷ ᠥᠰᠴᠦ ᠂ ᠪᠤᠰᠤᠳ ᠬᠡᠷᠡᠭᠰᠡᠯ ᠪᠠ ᠦᠶᠯᠡᠴᠢᠯᠡᠭᠡᠨ ᠦ ᠲᠥᠷᠥᠯ ᠦᠨ ᠦᠨ᠎ᠡ ᠬᠠᠩᠰᠢ 1.0 % ᠪᠠᠷ ᠥᠰᠴᠦ ᠂ ᠣᠷᠣᠨ ᠰᠠᠭᠤᠴᠠ ᠶᠢᠨ ᠲᠥᠷᠥᠯ ᠦᠨ ᠦᠨ᠎ᠡ ᠬᠠᠩᠰᠢ 2.8 % ᠪᠠᠷ ᠥᠰᠴᠦ ᠂ ᠵᠠᠮ ᠬᠠᠷᠢᠯᠴᠠᠭ᠎ᠠ ᠪᠠ ᠴᠢᠮᠡᠭᠡ ᠬᠣᠯᠪᠣᠭ᠎ᠠ ᠶᠢᠨ ᠲᠥᠷᠥᠯ ᠦᠨ ᠦᠨ᠎ᠡ ᠬᠠᠩᠰᠢ 2.5 % ᠪᠠᠷ ᠥᠰᠴᠦ ᠂ ᠠᠮᠢᠳᠤᠷᠠᠯ ᠤᠨ ᠬᠡᠷᠡᠭᠰᠡᠯ ᠵᠢᠴᠢ ᠦᠶᠯᠡᠴᠢᠯᠡᠭᠡᠨ ᠦ ᠲᠥᠷᠥᠯ ᠦᠨ ᠦᠨ᠎ᠡ ᠬᠠᠩᠰᠢ 2.3 % ᠪᠠᠷ ᠥᠰᠴᠦ ᠂ ᠰᠤᠷᠭᠠᠨ ᠬᠥᠮᠦᠵᠢᠯ ᠰᠣᠶᠣᠯ ᠪᠠ ᠵᠤᠭ᠎ᠠ ᠴᠡᠩᠭᠡᠯ ᠦᠨ ᠲᠥᠷᠥᠯ ᠦᠨ ᠦᠨ᠎ᠡ ᠬᠠᠩᠰᠢ 0.2 % ᠢᠶᠠᠷ ᠪᠠᠭᠤᠷᠠᠵᠤ ᠂ ᠢᠳᠡᠭᠡᠨ ᠠᠷᠢᠬᠢ ᠲᠠᠮᠠᠬᠢᠨ ᠤ ᠲᠥᠷᠥᠯ ᠦᠨ ᠦᠨ᠎ᠡ ᠬᠠᠩᠰᠢ 0.8 % ᠪᠠᠷ ᠪᠠᠭᠤᠷᠠᠪᠠ᠃