ᠵᠤᠬᠢᠶᠠᠭᠴᠢ:
ᠴᠠᠭ:2022-03-04
ᠥᠵᠡᠭᠰᠡᠨ : ℃
ᠢᠷᠡᠯᠲᠡ:
ᠨᠤᠨ ᠮᠥᠷᠡᠨ ᠦ ᠤᠰᠤᠨ ᠰᠢᠰᠲ᠋ᠧᠮ

ᠨᠤᠨ ᠮᠥᠷᠡᠨ ᠪᠣᠯ ᠰᠤᠩᠭᠠᠷᠢ ᠮᠥᠷᠡᠨ ᠦ ᠤᠮᠠᠷᠠᠲᠤ ᠡᠬᠢ ᠪᠠᠶᠢᠵᠤ ᠂ ᠶᠡᠬᠡ ᠬᠢᠩᠭᠠᠨ ᠳᠠᠪᠠᠭᠠᠨ ᠤ ᠰᠠᠯᠪᠤᠷᠢ ᠢᠷᠬᠦᠷᠢ ᠠᠭᠤᠯᠠ ᠶᠢᠨ ᠡᠮᠦᠨ᠎ᠡ ᠬᠥᠲᠥᠯ ᠡᠴᠡ ᠡᠬᠢ ᠠᠪᠴᠤ ᠂ ᠭᠣᠣᠯ ᠤᠮᠠᠷ᠎ᠠ ᠠᠴᠠ ᠡᠮᠦᠨᠡᠰᠢ ᠂ ᠬᠠᠷᠠᠮᠥ᠋ᠷᠡᠨ ᠮᠤᠵᠢ ᠶᠢᠨ ᠾᠸᠢ ᠾᠧ ᠬᠣᠲᠠ ᠶᠢᠨ ᠨᠤᠨ ᠮᠥᠷᠡᠨ ᠪᠠᠯᠭᠠᠰᠤ ᠂ ᠥᠪᠥᠷ ᠮᠣᠩᠭᠣᠯ ᠤᠨ ᠥᠪᠡᠷᠲᠡᠭᠡᠨ ᠵᠠᠰᠠᠬᠤ ᠣᠷᠣᠨ ᠤ ᠬᠥᠯᠥᠨ ᠪᠣᠶᠢᠷ ᠬᠣᠲᠠ ᠶᠢᠨ ᠪᠠᠯᠭᠠᠰᠤ ᠂ ᠬᠠᠷᠠᠮᠥ᠋ᠷᠡᠨ ᠮᠤᠵᠢ ᠶᠢᠨ ᠴᠢᠴᠢᠬᠠᠷ ᠬᠣᠲᠠ ᠪᠠᠷ ᠤᠷᠤᠰᠤᠨ ᠥᠩᠭᠡᠷᠡᠵᠦ ᠂ ᠰᠠᠨ ᠴᠠ ᠾᠧ ᠭᠣᠣᠯ ᠤᠨ ᠣᠷᠴᠢᠮ ᠬᠣᠶᠠᠳᠤᠭᠠᠷ ᠰᠤᠩᠭᠠᠷᠢ ᠮᠥᠷᠡᠨ ᠲᠡᠶ ᠨᠡᠶᠢᠯᠡᠵᠦ ᠂ ᠰᠤᠩᠭᠠᠷᠢ ᠮᠥᠷᠡᠨ ᠃ ᠭᠣᠣᠯ ᠪᠦᠬᠦ ᠣᠷᠳᠣ ᠨᠢ 1369 ᠺᠢᠯᠣᠮᠧᠲ᠋ᠷ ᠂ ᠰᠠᠪᠠ ᠭᠠᠵᠠᠷ ᠤᠨ ᠲᠠᠯᠠᠪᠠᠶ ᠨᠢ 243900 ᠲᠡᠭᠰᠢ ᠳᠥᠷᠪᠡᠯᠵᠢᠨ ᠺᠢᠯᠣᠮᠧᠲ᠋ᠷ ᠃ ᠡᠭᠦᠨ ᠳᠦ ᠴᠤᠤᠯ ᠭᠣᠣᠯ ᠤᠨ ᠠᠳᠠᠭ ᠬᠦᠷᠬᠦ ᠭᠣᠣᠯ ᠤᠨ ᠤᠷᠲᠤ ᠨᠢ 1110.1 ᠺᠢᠯᠣᠮᠧᠲ᠋ᠷ ᠂ ᠰᠠᠪᠠ ᠭᠠᠵᠠᠷ ᠤᠨ ᠲᠠᠯᠠᠪᠠᠶ ᠨᠢ 123038 ᠲᠡᠭᠰᠢ ᠳᠥᠷᠪᠡᠯᠵᠢᠨ ᠺᠢᠯᠣᠮᠧᠲ᠋ᠷ ᠪᠣᠯᠤᠨ᠎ᠠ᠃
ᠨᠤᠨ ᠮᠥᠷᠡᠨ ᠦ ᠭᠣᠣᠯ ᠤᠷᠤᠰᠬᠠᠯ ᠨᠢ ᠨᠢᠷᠬᠢ ᠪᠠᠯᠭᠠᠰᠤ ᠠᠴᠠ ᠳᠡᠭᠡᠭᠰᠢ ᠪᠣᠯ ᠳᠡᠭᠡᠳᠦ ᠤᠷᠤᠰᠬᠠᠯ ᠤᠨ ᠬᠡᠰᠡᠭ ᠂ ᠳᠣᠷᠣᠭᠰᠢ ᠪᠣᠯ ᠳᠣᠤᠷᠠᠳᠤ ᠤᠷᠤᠰᠬᠠᠯ ᠤᠨ ᠬᠡᠰᠡᠭ ᠪᠠᠶᠢᠵᠤ ᠂ ᠳᠡᠭᠡᠳᠦ ᠳᠣᠤᠷᠠᠳᠤ ᠤᠷᠤᠰᠬᠠᠯ ᠤᠨ ᠭᠠᠵᠠᠷ ᠤᠨ ᠪᠠᠶᠢᠴᠠ ᠶᠢᠨ ᠬᠤᠪᠢᠷᠠᠯᠲᠠ ᠨᠢ ᠢᠯᠡᠷᠬᠡᠶ ᠪᠠᠶᠢᠳᠠᠭ᠃ ᠨᠤᠨ ᠮᠥᠷᠡᠨ ᠪᠠᠯᠭᠠᠰᠤ ᠠᠴᠠ ᠳᠡᠭᠡᠭᠰᠢ ᠂ ᠭᠤᠤᠯ ᠨᠢ ᠠᠭᠤᠯᠠᠨ ᠬᠣᠭᠣᠷᠣᠨᠳᠣᠬᠢ ᠬᠥᠨᠳᠡᠶ ᠳᠦ ᠣᠷᠣᠰᠢᠵᠤ ᠂ ᠵᠡᠭᠦᠨ ᠲᠠᠯ᠎ᠠ ᠨᠢ ᠪᠠᠭ᠎ᠠ ᠬᠢᠩᠭᠠᠨ ᠳᠠᠪᠠᠭ᠎ᠠ ᠰᠡᠬᠦᠶᠢᠨ ᠰᠦᠨᠳᠡᠷᠯᠡᠵᠦ ᠂ ᠪᠠᠷᠠᠭᠤᠨ ᠲᠠᠯ᠎ᠠ ᠨᠢ ᠶᠡᠬᠡ ᠬᠢᠩᠭᠠᠨ ᠳᠠᠪᠠᠭ᠎ᠠ ᠰᠡᠬᠦᠶᠢᠨ ᠰᠦᠨᠳᠡᠷᠯᠡᠵᠦ ᠂ ᠭᠤᠤᠯ ᠤᠨ ᠬᠥᠨᠳᠡᠶ ᠶᠢᠨ ᠥᠷᠭᠡᠨ ᠨᠢ ᠶᠡᠷᠦ ᠳᠡᠭᠡᠨ 2~3 ᠺᠢᠯᠣᠮᠧᠲ᠋ᠷ ᠪᠠᠶᠢᠵᠤ ᠂ ᠣᠨᠴᠠ ᠵᠠᠷᠢᠮ ᠭᠤᠤᠯ ᠤᠨ ᠬᠡᠰᠡᠭ ᠨᠢ 5 ᠺᠢᠯᠣᠮᠧᠲ᠋ᠷ ᠲᠦ ᠭᠥᠷᠳᠡᠭ᠃ ᠨᠤᠨ ᠮᠥᠷᠡᠨ ᠪᠠᠯᠭᠠᠰᠤ ᠠᠴᠠ ᠂ ᠭᠣᠣᠯ ᠤᠨ ᠬᠥᠨᠳᠡᠶ ᠨᠢ ᠠᠭᠠᠵᠢᠮ ᠢᠶᠠᠷ ᠥᠷᠭᠡᠵᠢᠵᠦ ᠂ ᠨᠢᠷᠬᠢ ᠪᠠᠯᠭᠠᠰᠤᠨ ᠤ ᠣᠷᠴᠢᠮ ᠤᠨ ᠬᠣᠶᠠᠷ ᠡᠷᠭᠢ ᠶᠢᠨ ᠲᠤᠨᠤᠮᠠᠯ ᠲᠠᠯ᠎ᠠ ᠭᠠᠵᠠᠷ ᠨᠢ 10 ᠺᠢᠯᠣᠮᠧᠲ᠋ᠷ ᠲᠦ ᠬᠦᠷᠴᠦ ᠂ ᠭᠣᠣᠯ ᠤᠨ ᠵᠠᠮ ᠤᠨ ᠬᠠᠷᠢᠴᠠᠯ ᠨᠢ 1 / 5500 ᠂ ᠭᠣᠣᠯ ᠤᠨ ᠥᠷᠭᠡᠨ ᠨᠢ 150 ~400 ᠮᠧᠲ᠋ᠷ ᠂ ᠤᠰᠤᠨ ᠤ ᠭᠦᠨ ᠨᠢ 3 ᠮᠧᠲ᠋ᠷ ᠣᠷᠴᠢᠮ ᠪᠠᠶᠢᠵᠤ ᠂ ᠭᠣᠣᠯ ᠤᠨ ᠰᠠᠪᠠ ᠨᠢ ᠬᠠᠶᠢᠷ ᠴᠢᠯᠠᠭᠤ ᠪᠠᠷ ᠪᠦᠷᠢᠯᠳᠦᠵᠦ ᠂ ᠭᠣᠣᠯ ᠤᠨ ᠵᠠᠮ ᠤᠨ ᠰᠠᠯᠠᠭ᠎ᠠ ᠤᠷᠤᠰᠬᠠᠯ ᠣᠯᠠᠨ ᠪᠠᠶᠢᠳᠠᠭ᠃ ᠴᠢᠴᠢᠬᠠᠷ ᠠᠴᠠ ᠳᠣᠷᠣᠭᠰᠢ ᠭᠣᠣᠯ ᠥᠷᠭᠡᠨ ᠠᠭᠤᠳᠠᠮ ᠲᠠᠯ᠎ᠠ ᠭᠠᠵᠠᠷ ᠲᠤ ᠤᠷᠤᠰᠤᠨ ᠣᠷᠣᠭᠠᠳ ᠂ ᠭᠠᠵᠠᠷ ᠤᠨ ᠪᠠᠶᠢᠴᠠ ᠨᠢ ᠮᠠᠰᠢ ᠨᠠᠮᠬᠠᠨ ᠪᠠᠶᠢᠵᠤ ᠂ ᠭᠣᠣᠯ ᠤᠨ ᠵᠠᠮ ᠤᠨ ᠬᠠᠷᠢᠴᠠᠯ ᠨᠢ 1 / 18300 ᠳᠣᠷᠣᠭᠰᠢᠯᠠᠵᠤ ᠂ ᠭᠣᠣᠯ ᠤᠨ ᠥᠷᠭᠡᠨ ᠨᠢ 380 ~900 ᠮᠧᠲ᠋ᠷ ᠂ ᠬᠠᠮᠤᠭ ᠤᠨ ᠶᠡᠬᠡ ᠤᠰᠤᠨ ᠤ ᠭᠦᠨ ᠨᠢ 10 ᠮᠧᠲ᠋ᠷ ᠬᠦᠷᠴᠦ ᠂ ᠤᠰᠤᠨ ᠤᠷᠤᠰᠬᠠᠯ ᠨᠢ ᠨᠡᠯᠢᠶᠡᠳ ᠤᠳᠠᠭᠠᠨ ᠪᠠᠶᠢᠳᠠᠭ᠃
ᠨᠤᠨ ᠮᠥᠷᠡᠨ ᠦ ᠤᠰᠤᠨ ᠰᠢᠰᠲ᠋ᠧᠮ ᠪᠣᠯ ᠲᠡᠭᠰᠢ ᠭᠤᠤᠯ ᠮᠥᠷᠡᠨ ᠪᠠᠶᠢᠵᠤ ᠂ ᠰᠠᠯᠪᠤᠷᠢ ᠤᠷᠤᠰᠬᠠᠯ ᠨᠢ ᠪᠠᠷᠠᠭᠤᠨ ᠡᠷᠭᠢ ᠵᠡᠭᠦᠨ ᠡᠷᠭᠢ ᠡᠴᠡ ᠢᠯᠡᠭᠦᠦ ᠪᠠᠶᠢᠳᠠᠭ᠃ ᠬᠥᠯᠥᠨ ᠪᠤᠢᠢᠷ ᠬᠤᠳᠠ ᠶᠢᠨ ᠳᠣᠲᠣᠷᠠᠬᠢ ᠭᠣᠣᠯ ᠨᠤᠨ ᠮᠥᠷᠡᠨ ᠦ ᠪᠠᠷᠠᠭᠤᠨ ᠡᠷᠭᠢ ᠶᠢᠨ ᠡᠯ᠎ᠡ ᠰᠠᠯᠪᠤᠷᠢ ᠤᠷᠤᠰᠬᠠᠯ ᠪᠠᠶᠢᠵᠤ ᠂ ᠭᠣᠣᠯ ᠤᠷᠤᠰᠬᠠᠯ ᠨᠢ ᠪᠠᠷᠠᠭᠤᠨ ᠬᠣᠶᠢᠨᠠ ᠠᠴᠠ ᠵᠡᠭᠦᠨ ᠡᠮᠦᠨᠡᠰᠢ ᠨᠤᠨ ᠮᠥᠷᠡᠨ ᠳᠦ ᠴᠢᠳᠬᠤᠳᠠᠭ᠃ ᠭᠣᠣᠯ ᠮᠥᠷᠡᠨ ᠦ ᠤᠷᠤᠰᠬᠠᠯ ᠡᠯᠪᠡᠭ ᠂ ᠤᠰᠤᠨ ᠤ ᠡᠬᠢ ᠪᠠᠶᠠᠯᠢᠭ ᠡᠯᠪᠡᠭ ᠪᠠᠶᠢᠵᠤ ᠂ ᠥᠪᠡᠷᠲᠡᠭᠡᠨ ᠵᠠᠰᠠᠬᠤ ᠣᠷᠣᠨ ᠤ ᠬᠠᠮᠤᠭ ᠤᠨ ᠶᠡᠬᠡ ᠭᠠᠳᠠᠭᠠᠳᠤ ᠤᠷᠤᠰᠬᠠᠯ ᠤᠨ ᠤᠰᠤᠨ ᠰᠢᠰᠲ᠋ᠧᠮ ᠪᠣᠯᠤᠨ᠎ᠠ᠃