ᠵᠤᠬᠢᠶᠠᠭᠴᠢ:
ᠴᠠᠭ:2022-05-09
ᠥᠵᠡᠭᠰᠡᠨ : ℃
ᠢᠷᠡᠯᠲᠡ:
ᠨᠢᠷᠬᠢ ᠤᠰᠤᠨ ᠴᠥᠭᠥᠷᠥᠮ

ᠨᠢᠷᠬᠢ ᠤᠰᠤᠨ ᠴᠥᠭᠥᠷᠥᠮ ᠪᠣᠯ ᠬᠥᠯᠥᠨ ᠪᠣᠶᠢᠷ ᠬᠣᠲᠠ ᠶᠢᠨ ᠨᠢᠭᠡᠳᠦᠭᠡᠷ ᠲᠣᠮᠣ ᠬᠡᠯᠪᠡᠷᠢ ᠶᠢᠨ ᠤᠰᠤᠨ ᠴᠥᠭᠥᠷᠥᠮ ᠪᠣᠯᠤᠨ᠎ᠠ ᠂ ᠮᠤᠷᠢᠨᠳᠠᠪᠠᠭ᠎ᠠ ᠳᠠᠭᠤᠷ ᠦᠨᠳᠦᠰᠦᠲᠡᠨ ᠦ ᠥᠪᠡᠷᠲᠡᠭᠡᠨ ᠵᠠᠰᠠᠬᠤ ᠬᠣᠰᠢᠭᠤᠨ ᠤ ᠳᠣᠲᠣᠷᠠᠬᠢ ᠨᠤᠨ ᠮᠥᠷᠡᠨ ᠦ ᠭᠤᠤᠯ ᠤᠷᠤᠰᠬᠠᠯ ᠳᠡᠭᠡᠷ᠎ᠡ ᠪᠠᠶᠢᠷᠢᠯᠠᠵᠤ ᠂ ᠬᠠᠰᠢᠯᠭ᠎ᠠ ᠶᠢᠨ ᠭᠠᠵᠠᠷ ᠠᠴᠠ ᠳᠡᠭᠡᠭᠰᠢᠬᠢ ᠡᠵᠡᠮᠳᠡᠯ ᠦᠨ ᠰᠠᠪᠠ ᠭᠠᠵᠠᠷ ᠤᠨ ᠲᠠᠯᠠᠪᠠᠶ ᠨᠢ 6.6 ᠲᠦᠮᠡᠨ ᠲᠡᠭᠰᠢ ᠳᠥᠷᠪᠡᠯᠵᠢᠨ ᠺᠢᠯᠣᠮᠧᠲ᠋ᠷ ᠪᠠᠶᠢᠵᠤ ᠂ ᠶᠡᠷᠦᠩᠬᠡᠶ ᠴᠥᠭᠥᠷᠥᠮ ᠦᠨ ᠪᠠᠭᠲᠠᠭᠠᠮᠵᠢ ᠨᠢ 86.1 ᠳ᠋ᠦᠩᠰᠢᠭᠤᠷ ᠪᠣᠰᠣᠭ᠎ᠠ ᠳᠥᠷᠪᠡᠯᠵᠢᠨ ᠮᠧᠲ᠋ᠷ ᠂ ᠴᠠᠬᠢᠯᠭᠠᠨ ᠥᠷᠲᠡᠭᠡᠨ ᠦ ᠮᠠᠰᠢᠨ ᠴᠣᠭᠴᠠᠯᠠᠪᠤᠷᠢ ᠨᠢ 25 ᠲᠦᠮᠡᠨ ᠬᠢᠯᠦᠸᠠᠲ ᠪᠠᠶᠢᠵᠤ ᠂ ᠦᠶᠡᠷ ᠢ ᠰᠡᠷᠭᠡᠶᠢᠯᠡᠬᠦ ᠂ ᠠᠵᠤ ᠦᠶᠯᠡᠳᠪᠦᠷᠢ ᠲᠠᠷᠢᠶᠠᠯᠠᠩ ᠤᠨ ᠤᠰᠤ ᠬᠠᠩᠭᠠᠬᠤ ᠂ ᠴᠠᠬᠢᠯᠭᠠᠨ ᠭᠠᠷᠭᠠᠬᠤ ᠂ ᠤᠰᠤᠨ ᠵᠠᠮ ᠤᠨ ᠲᠡᠭᠡᠭᠡᠪᠦᠷᠢ ᠂ ᠣᠷᠴᠢᠨ ᠲᠣᠭᠣᠷᠢᠨ ᠤ ᠬᠠᠮᠠᠭᠠᠯᠠᠯᠲᠠ ᠂ ᠵᠢᠭᠤᠯᠴᠢᠯᠠᠯ ᠂ ᠵᠢᠭᠠᠰᠤᠨ ᠠᠵᠤ ᠠᠬᠤᠶ ᠶᠢᠨ ᠲᠡᠵᠢᠭᠡᠨ ᠦᠷᠡᠵᠢᠭᠦᠯᠬᠦ ᠵᠡᠷᠭᠡ ᠶᠡᠷᠦᠩᠬᠡᠶᠢᠯᠡᠭᠰᠡᠨ ᠦᠷ᠎ᠡ ᠠᠰᠢᠭ ᠲᠠᠶ ᠶᠤᠮ᠃
ᠤᠰᠤᠨ ᠴᠥᠭᠥᠷᠥᠮ ᠦᠨ ᠭᠤᠤᠯ ᠪᠠᠷᠢᠯᠭ᠎ᠠ ᠨᠢ ᠭᠤᠤᠯ ᠬᠠᠰᠢᠯᠭ᠎ᠠ ᠂ ᠳᠡᠳ᠋ ᠬᠠᠰᠢᠯᠭ᠎ᠠ ᠂ ᠦᠶᠡᠷ ᠂ ᠴᠠᠬᠢᠯᠭᠠᠨ ᠥᠷᠲᠡᠭᠡ ᠂ ᠤᠰᠤ ᠵᠡᠷᠭᠡ ᠪᠠᠷᠢᠯᠭ᠎ᠠ ᠪᠠᠷ ᠃ ᠭᠣᠣᠯ ᠬᠠᠰᠢᠯᠭ᠎ᠠ ᠶᠢ ᠭᠣᠣᠯ ᠭᠤᠯᠳᠤᠷᠢᠯ ᠤᠨ ᠬᠡᠰᠡᠭ ᠲᠦ ᠪᠠᠶᠢᠭᠤᠯᠵᠤ ᠂ ᠪᠦᠬᠦ ᠣᠷᠳᠣ ᠨᠢ 1807.31 ᠮᠧᠲ᠋ᠷ ( ᠴᠠᠬᠢᠯᠭᠠᠨ ᠥᠷᠲᠡᠭᠡᠨ ᠦ ᠦᠢᠯᠡᠳᠪᠦᠷᠢ ᠶᠢᠨ ᠭᠡᠷ 149 ᠮᠧᠲ᠋ᠷ ᠢ ᠪᠠᠭᠲᠠᠭᠠᠨ᠎ᠠ ) ᠂ ᠰᠠᠭᠤᠷᠢ ᠡᠷᠭᠦᠭᠳᠡᠴᠡ ᠨᠢ 180.3~186.5 ᠮᠧᠲ᠋ᠷ ᠂ ᠬᠠᠰᠢᠯᠭ᠎ᠠ ᠶᠢᠨ ᠣᠷᠣᠶ ᠶᠢᠨ ᠡᠷᠭᠦᠭᠳᠡᠴᠡ ᠨᠢ 221.00 ᠮᠧᠲ᠋ᠷ ᠂ ᠬᠠᠮᠤᠭ ᠥᠨᠳᠥᠷ ᠬᠠᠰᠢᠯᠭ᠎ᠠ ᠶᠢᠨ ᠥᠨᠳᠥᠷ ᠨᠢ 40.55 ᠮᠧᠲ᠋ᠷ ᠪᠠᠶᠢᠳᠠᠭ᠃ ᠵᠡᠭᠦᠨ ᠳᠡᠳ᠋ ᠬᠠᠰᠢᠯᠭ᠎ᠠ ᠶᠢ ᠵᠡᠭᠦᠨ ᠡᠷᠭᠢ ᠶᠢᠨ ᠬᠣᠶᠠᠳᠤᠭᠠᠷ ᠳᠡᠰ ᠤᠨ ᠢᠳᠡᠭᠳᠡᠨ ᠱᠠᠲᠤᠯᠢᠭ ᠭᠠᠵᠠᠷ ᠳᠡᠭᠡᠷ᠎ᠡ ᠪᠠᠶᠢᠭᠤᠯᠵᠤ ᠂ ᠨᠠᠩᠭᠢ ᠰᠢᠷᠣᠶ ᠶᠢᠨ ᠭᠣᠣᠯ ᠬᠡᠷᠡᠮ ᠬᠠᠶᠢᠷ ᠴᠢᠯᠠᠭᠤᠨ ᠬᠠᠰᠢᠯᠭ᠎ᠠ ᠂ ᠬᠠᠰᠢᠯᠭ᠎ᠠ ᠶᠢᠨ ᠣᠷᠳᠣ ᠨᠢ 1459.29 ᠮᠧᠲ᠋ᠷ ᠂ ᠬᠠᠮᠤᠭ ᠶᠡᠬᠡ ᠬᠠᠰᠢᠯᠭ᠎ᠠ ᠶᠢᠨ ᠥᠨᠳᠥᠷ ᠨᠢ 23.00 ᠮᠧᠲ᠋ᠷ ᠂ ᠬᠠᠰᠢᠯᠭ᠎ᠠ ᠶᠢᠨ ᠣᠷᠣᠶ ᠶᠢᠨ ᠡᠷᠭᠦᠭᠳᠡᠴᠡ ᠨᠢ 221.00 ᠮᠧᠲ᠋ᠷ ᠂ ᠬᠠᠰᠢᠯᠭ᠎ᠠ ᠶᠢᠨ ᠣᠷᠣᠶ ᠶᠢᠨ ᠥᠷᠭᠡᠨ ᠨᠢ 8 ᠮᠧᠲ᠋ᠷ ᠪᠣᠯᠤᠨ᠎ᠠ᠃ ᠪᠠᠷᠠᠭᠤᠨ ᠲᠠᠯ᠎ᠠ ᠶᠢᠨ ᠳᠡᠳ᠋ ᠬᠠᠰᠢᠯᠭ᠎ᠠ ᠶᠢ ᠪᠠᠷᠠᠭᠤᠨ ᠡᠷᠭᠢ ᠶᠢᠨ ᠪᠠᠶ ᠱᠠᠨ ᠠᠭᠤᠯᠠ ᠶᠢᠨ ᠳᠡᠨᠵᠢ ᠳᠡᠭᠡᠷ᠎ᠡ ᠪᠠᠶᠢᠭᠤᠯᠵᠤ ᠂ ᠨᠠᠩᠭᠢ ᠰᠢᠷᠣᠶ ᠶᠢᠨ ᠭᠣᠣᠯ ᠬᠡᠷᠡᠮ ᠬᠠᠶᠢᠷ ᠴᠢᠯᠠᠭᠤᠨ ᠬᠠᠰᠢᠯᠭ᠎ᠠ ᠂ ᠬᠠᠰᠢᠯᠭ᠎ᠠ ᠶᠢᠨ ᠣᠷᠳᠣ ᠨᠢ 3998.953 ᠮᠧᠲ᠋ᠷ ᠂ ᠬᠠᠮᠤᠭ ᠶᠡᠬᠡ ᠬᠠᠰᠢᠯᠭ᠎ᠠ ᠶᠢᠨ ᠥᠨᠳᠥᠷ ᠨᠢ 15.50 ᠮᠧᠲ᠋ᠷ ᠂ ᠬᠠᠰᠢᠯᠭ᠎ᠠ ᠶᠢᠨ ᠣᠷᠣᠶ ᠶᠢᠨ ᠥᠷᠭᠡᠨ ᠨᠢ 8 ᠮᠧᠲ᠋ᠷ ᠪᠣᠯᠤᠨ᠎ᠠ᠃ ᠦᠶᠡᠷ ᠵᠠᠯᠠᠬᠤ ᠪᠠᠷᠢᠯᠭ᠎ᠠ ᠨᠢ ᠵᠠᠳᠠᠭᠠᠶ ᠡᠷᠭᠢ ᠮᠠᠶ᠋ᠢᠭ ᠤᠨ ᠦᠶᠡᠷ ᠃ ᠦᠶᠡᠷ ᠤᠨ ᠨᠢ ᠪᠠᠷᠠᠭᠤᠨ ᠡᠷᠭᠢ ᠶᠢᠨ ᠪᠠᠶ ᠱᠠᠨ ᠠᠭᠤᠯᠠ ᠶᠢᠨ ᠳᠡᠨᠵᠢ ᠳᠡᠭᠡᠷ᠎ᠡ ᠪᠠᠶᠢᠷᠢᠰᠢᠵᠤ ᠂ ᠪᠠᠷᠠᠭᠤᠨ ᠳᠡᠳ᠋ ᠬᠠᠰᠢᠯᠭ᠎ᠠ ᠶᠢ ᠨᠡᠪᠲᠡᠯᠦᠨ ᠂ ᠪᠢᠯᠬᠠᠨ ᠤᠷᠤᠰᠬᠤ ᠶᠢᠨ ᠡᠮᠦᠨ᠎ᠡ ᠵᠠᠬ᠎ᠠ ᠶᠢᠨ ᠶᠡᠷᠦᠩᠬᠡᠶ ᠥᠷᠭᠡᠨ ᠨᠢ 166 ᠮᠧᠲ᠋ᠷ ᠂ ᠭᠤᠯᠳᠤ ᠴᠢᠭᠯᠡᠯ ᠦᠨ ᠣᠷᠳᠣ ᠨᠢ 875 ᠮᠧᠲ᠋ᠷ ᠪᠠᠶᠢᠵᠤ ᠂ ᠪᠢᠯᠬᠠᠨ ᠤᠷᠤᠰᠬᠤ ᠬᠠᠰᠢᠯᠭ᠎ᠠ ᠶᠢᠨ ᠨᠢᠭᠤᠷ ᠨᠢ WES ᠮᠤᠷᠤᠶ ᠱᠤᠭᠤᠮ ᠢ ᠬᠡᠷᠡᠭᠯᠡᠵᠦ ᠂ ᠬᠠᠰᠢᠯᠭ᠎ᠠ ᠶᠢᠨ ᠣᠷᠣᠶ ᠶᠢᠨ ᠡᠷᠭᠦᠭᠳᠡᠴᠡ ᠨᠢ 199.8 ᠮᠧᠲ᠋ᠷ ᠂ ᠨᠡᠶᠢᠲᠡ 11 ᠨᠦᠬᠡ ᠲᠡᠶ ᠂ ᠳᠠᠩ ᠨᠦᠬᠡ ᠶᠢᠨ ᠴᠡᠪᠡᠷ ᠥᠷᠭᠡᠨ ᠨᠢ 12 ᠮᠧᠲ᠋ᠷ ᠪᠠᠶᠢᠵᠤ ᠂ ᠢᠯᠭᠠᠷᠠᠯᠳᠤ ᠤᠷᠤᠰᠬᠠᠯ ᠤᠨ ᠡᠨᠧᠷᠭᠢ ᠶᠢ ᠃
ᠪᠠᠷᠢᠯᠭ᠎ᠠ ᠶᠢᠨ ᠳᠡᠰ ᠪᠣᠯᠤᠨ ᠭᠣᠣᠯ ᠪᠠᠷᠢᠯᠭ᠎ᠠ ᠶᠢᠨ ᠵᠡᠷᠭᠡ ᠳᠡᠰ ᠨᠢ ᠴᠥᠮ 1 ᠂ 1 ᠪᠣᠯᠤᠨ᠎ᠠ᠃ ᠴᠠᠬᠢᠯᠭᠠᠨ ᠰᠲ᠋ᠠᠨᠼᠢ ᠭᠣᠣᠯ ᠤᠨ ᠭᠤᠯᠳᠤᠷᠢᠯ ᠮᠠᠶ᠋ᠢᠭ ᠤᠨ ᠤᠰᠦᠠ ᠴᠠᠬᠢᠯᠭᠠᠨ ᠰᠲ᠋ᠠᠨᠼᠢ ᠤᠰᠦᠠ ᠲᠦᠷᠪᠢᠨ ᠢᠶᠡᠷ ᠴᠠᠬᠢᠯᠭᠠᠨ ᠭᠠᠷᠭᠠᠬᠤ 4 ᠮᠠᠰᠢᠨ ᠴᠣᠭᠴᠠᠯᠠᠪᠤᠷᠢ ᠤᠭᠰᠠᠷᠠᠵᠤ ᠂ ᠶᠡᠷᠦᠩᠬᠡᠢ ᠮᠠᠰᠢᠨ ᠴᠣᠭᠴᠠᠯᠠᠪᠤᠷᠢ ᠨᠢ 25 ᠲᠦᠮᠡᠨ ᠬᠢᠯᠦᠸᠠᠲ ᠂ ᠤᠯᠡᠠ ᠵᠢᠯ ᠦᠨ ᠴᠠᠬᠢᠯᠭᠠᠨ ᠳᠤᠮᠳᠠᠴᠢ ᠬᠡᠮᠵᠢᠢ᠎ᠡ ᠨᠢ 6.387 ᠳ᠋ᠦᠩᠰᠢᠭᠤᠷ ᠬᠢᠯᠦᠸᠠᠲ ᠃ ᠨᠢᠷᠬᠢ ᠴᠥᠭᠥᠷᠥᠮ 2001 ᠣᠨ ᠤ 6 ᠰᠠᠷ᠎ᠠ ᠳᠤ ᠠᠵᠢᠯ ᠡᠬᠢᠯᠡᠭᠦᠯᠵᠦ ᠂ 11 ᠰᠠᠷ᠎ᠠ ᠶᠢᠨ ᠡᠬᠢ ᠪᠡᠷ ᠨᠢᠭᠡᠳᠦᠭᠡᠷ ᠬᠤᠭᠤᠴᠠᠭᠠᠨ ᠤ ᠤᠷᠤᠰᠬᠠᠯ ᠢ ᠲᠡᠰᠦᠯᠵᠦ ᠂ 2004 ᠣᠨ ᠤ 9 ᠰᠠᠷ᠎ᠠ ᠳᠤ ᠬᠣᠶᠠᠳᠤᠭᠠᠷ ᠬᠤᠭᠤᠴᠠᠭᠠᠨ ᠤ ᠤᠷᠤᠰᠬᠠᠯ ᠲᠡᠰᠦᠯᠪᠡ᠃ 2005 ᠣᠨ ᠤ 4 ᠰᠠᠷ᠎ᠠ ᠳᠤ ᠬᠠᠭᠠᠯᠲᠠ ᠤᠰᠤ ᠪᠦᠬᠦᠨ ᠢ ᠂ 2005 ᠣᠨ ᠤ 5 ᠰᠠᠷ᠎ᠠ ᠳᠤ ᠠᠩᠬᠠᠳᠠᠭᠴᠢ ᠮᠠᠰᠢᠨ ᠴᠣᠭᠴᠠᠯᠠᠪᠤᠷᠢ ᠵᠢᠩᠬᠢᠨᠢ ᠪᠡᠷ ᠴᠠᠬᠢᠯᠭᠠᠨ ᠭᠠᠷᠭᠠᠪᠠ᠃