ᠵᠤᠬᠢᠶᠠᠭᠴᠢ:
ᠴᠠᠭ:2023-12-22
ᠥᠵᠡᠭᠰᠡᠨ : ℃
ᠢᠷᠡᠯᠲᠡ: ᠣᠷᠳᠣᠰ ᠮᠣᠩᠭᠤᠯ ᠰᠦᠯᠵᠢᠶ᠎ᠡ
︽ᠠᠶᠠᠭ᠎ᠠ︾ ᠶᠢᠨ ᠲᠤᠬᠠᠢ ᠤᠴᠢᠷᠯᠠᠬᠤᠢ
《ᠠᠶᠠᠭ᠎ᠠ》ᠭᠡᠭᠰᠡᠭᠡᠷ《ᠠᠶᠠᠭ᠎ᠠ ᠰᠠᠪᠠ》《ᠮᠣᠳᠣᠨ ᠠᠶᠠᠭ᠎ᠠ》《ᠮᠦᠩᠭᠦᠨ ᠠᠶᠠᠭ᠎ᠠ》《ᠠᠯᠲᠠᠨ ᠠᠶᠠᠭ᠎ᠠ》᠁ ᠭᠡᠵᠦ ᠠᠮᠢᠳᠤᠷᠠᠯ ᠤᠨ ᠬᠡᠷᠡᠭᠰᠡᠯ ᠲᠠᠢ ᠪᠠᠨ ᠬᠤᠯᠪᠣᠨ ᠪᠣᠳᠣᠬᠤ ᠪᠤᠶᠤ 《ᠠᠶᠠᠭᠠᠨ ᠠᠯᠠᠭ ᠠᠴᠠ ᠠᠳᠤᠭᠤᠨ ᠤ ᠠᠯᠠᠭ ᠰᠠᠶᠢᠬᠠᠨ》《ᠠᠶᠠᠭ᠎ᠠ ᠪᠠᠨ ᠭᠤᠯᠤᠬᠤ ᠪᠠᠷ ᠢᠶᠠᠨ ᠠᠭᠠᠰᠢ ᠪᠠᠨ ᠭᠤᠯᠤ᠂ ᠠᠶᠢᠯ ᠢᠶᠠᠨ ᠭᠤᠯᠤᠬᠤ ᠪᠠᠷ ᠢᠶᠠᠨ ᠪᠡᠶ᠎ᠡ ᠪᠠᠨ ᠭᠤᠯᠤ》《ᠠᠶᠠᠭ᠎ᠠ ᠴᠠᠢ ᠶᠢᠨ ᠳᠠᠯᠵᠢ ᠦᠭᠡᠢ᠂ ᠠᠮᠠ ᠳᠠᠪᠤᠤ ᠶᠢᠨ ᠲᠠᠯ᠎ᠠ ᠦᠭᠡᠢ》《ᠠᠶᠠᠭᠠᠨ ᠤ ᠬᠠᠷᠢᠭᠤ ᠡᠳᠦᠷ ᠲᠡᠭᠡᠨ᠂ ᠠᠳᠤᠭᠤᠨ ᠤ ᠬᠠᠷᠢᠭᠤ ᠵᠢᠯ ᠳᠡᠭᠡᠨ》᠁ ᠭᠡᠬᠦ ᠮᠡᠲᠦ ᠶᠢᠨ ᠣᠯᠠᠨ ᠰᠠᠶᠢᠬᠠᠨ ᠬᠡᠯᠡᠴᠡ ᠦᠭᠡ ᠰᠠᠨᠠᠭᠠᠨ ᠳᠤ ᠣᠷᠣᠬᠤ ᠴᠤ ᠮᠠᠭᠠᠳ᠃ ᠭᠡᠪᠡᠴᠦ ᠮᠢᠨᠦ ᠤᠴᠢᠷᠯᠠᠨ᠎ᠠ ᠭᠡᠵᠦ ᠪᠠᠶᠢᠭ᠎ᠠ《ᠠᠶᠠᠭ᠎ᠠ》ᠪᠣᠯ ᠡᠳᠡᠭᠡᠷ ᠤᠨ ᠠᠯᠢ ᠨᠢ ᠴᠤ ᠪᠢᠰᠢ᠂ ᠬᠠᠷᠢᠨ ᠠᠵᠢᠯ ᠠᠯᠪᠠ ᠶᠢᠨ 《ᠠᠶᠠᠭ᠎ᠠ》 ᠪᠣᠯᠤᠨ᠎ᠠ᠃
ᠵᠠᠭᠤᠨ ᠤ ᠳᠤᠮᠳᠠᠴᠢ ᠪᠠᠷ ᠲᠣᠭᠲᠠᠭᠰᠠᠨ ᠠᠵᠢᠯ ᠠᠯᠪᠠ ᠲᠠᠢ᠂ ᠴᠠᠯᠢᠩ ᠮᠦᠩᠭᠦ ᠲᠠᠢ ᠬᠦᠮᠦᠨ ᠢ 《 ᠲᠡᠮᠦᠷ ᠠᠶᠠᠭ᠎ᠠ》 ᠲᠠᠢ ᠭᠡᠵᠦ᠂ ᠲᠤᠰᠬᠠᠢ ᠮᠡᠷᠭᠡᠵᠢᠯ ᠤᠨ ᠰᠤᠷᠭᠠᠭᠤᠯᠢ ᠪᠤᠶᠤ ᠶᠡᠭᠡ ᠳᠡᠭᠡᠳᠦ ᠰᠤᠷᠭᠠᠭᠤᠯᠢ ᠳᠤ ᠰᠢᠯᠭᠠᠭᠳᠠᠨ ᠣᠷᠣᠪᠠᠯ 《ᠲᠡᠮᠦᠷ ᠠᠶᠠᠭ᠎ᠠ ᠲᠠᠢ ᠪᠣᠯᠴᠢᠬᠠᠵᠠᠢ》ᠭᠡᠵᠦ ᠬᠡᠯᠡᠳᠡᠭ᠃ 《ᠲᠡᠮᠦᠷ ᠠᠶᠠᠭ᠎ᠠ》 ᠲᠠᠢ ᠴᠤ ᠪᠣᠯᠤᠭ᠂ 《ᠲᠡᠮᠦᠷ ᠠᠶᠠᠭ᠎ᠠ》 ᠲᠠᠢ ᠪᠣᠯᠴᠢᠬᠠᠭᠰᠠᠨ ᠴᠤ ᠪᠣᠯᠤᠭ᠂ ᠬᠥᠳᠡᠭᠡ ᠶᠢᠨ ᠬᠠᠷ᠎ᠠ ᠪᠣᠷᠣ ᠠᠵᠢᠯ ᠠᠴᠠ ᠵᠠᠶᠢᠳᠠᠭᠤ᠂ ᠪᠤᠶᠢᠳᠠ ᠪᠥᠭᠯᠡᠭᠦᠦ ᠠᠬᠤᠢ ᠠᠴᠠ ᠰᠠᠯᠤᠩᠬᠢ᠂ ᠰᠠᠯᠬᠢ ᠪᠣᠷᠣᠭᠠᠨ ᠠᠴᠠ ᠳᠠᠯᠳᠠ᠂ ᠬᠤᠲᠠ ᠭᠠᠵᠠᠷ ᠣᠷᠣᠩᠨᠠᠵᠤ᠂ ᠠᠯᠪᠠᠨ ᠪᠠᠶᠢᠭᠤᠯᠭ᠎ᠠ ᠳᠤ ᠠᠵᠢᠯᠯᠠᠨ᠂ ᠴᠠᠯᠢᠩ ᠮᠦᠩᠭᠦ ᠣᠯᠵᠤ᠂ 《ᠤᠯᠤᠰ ᠤᠨ ᠺᠠᠳ᠋ᠷ》ᠪᠣᠯᠵᠤ ᠶᠠᠪᠤᠬᠤ ᠶᠢ ᠬᠡᠯᠡᠳᠡᠭ᠃ ᠲᠡᠷᠡ ᠥᠶ᠎ᠡ ᠳᠤ ᠰᠣᠶᠣᠯ ᠰᠤᠷᠭᠠᠨ ᠬᠥᠮᠥᠵᠢᠯ ᠤᠨ ᠵᠠᠮ ᠢᠶᠠᠷ ᠶᠠᠪᠤᠭᠰᠠᠳ ᠴᠥᠭᠡᠨ᠂ ᠪᠦᠬᠦ ᠠᠷᠠᠳ ᠤᠨ ᠰᠣᠶᠣᠯ ᠤᠨ ᠬᠢᠷᠢ ᠲᠥᠪᠰᠢᠨ ᠳᠣᠣᠷ᠎ᠠ᠂ ᠴᠢᠨᠠᠭᠰᠢᠯᠠᠪᠠᠯ ᠶᠡᠭᠡ ᠣᠯᠠᠨ ᠪᠢᠴᠢᠭ ᠤᠨ ᠪᠠᠯᠠᠢ ᠪᠠᠶᠢᠭᠰᠠᠨ ᠴᠠᠭ ᠪᠣᠯᠬᠤᠷ ᠦᠰᠦᠭ ᠲᠠᠨᠢᠵᠤ᠂ ᠪᠢᠴᠢᠭ ᠪᠢᠴᠢᠵᠦ᠂ ᠰᠣᠨᠢᠨ ᠣᠩᠰᠢᠵᠤ ᠳᠡᠶᠢᠯᠳᠡᠭ ᠬᠦᠮᠦᠨ 《ᠰᠣᠶᠣᠯ ᠲᠠᠢ ᠬᠦᠮᠦᠨ》《ᠰᠡᠬᠡᠬᠡᠲᠡᠨ》 ᠳᠤ ᠲᠣᠭᠠᠴᠠᠭᠳᠠᠵᠤ ᠪᠠᠶᠢᠭᠰᠠᠨ᠃ ᠲᠡᠶᠢᠮᠦ ᠪᠣᠯᠬᠤᠷ ᠲᠣᠮᠳᠠ ᠵᠡᠷᠭᠡ ᠶᠢᠨ ᠲᠤᠰᠬᠠᠢ ᠮᠡᠷᠭᠡᠵᠢᠯ ᠤᠨ ᠰᠤᠷᠭᠠᠭᠤᠯᠢ ᠪᠤᠶᠤ ᠶᠡᠭᠡ ᠳᠡᠭᠡᠳᠦ ᠰᠤᠷᠭᠠᠭᠤᠯᠢ ᠵᠠᠭᠤᠨ ᠤ ᠵᠠᠭᠤ ᠪᠠᠷ ᠠᠵᠢᠯ ᠣᠯᠳᠠᠭ᠃ ᠡᠳᠡᠭᠡᠷ ᠰᠤᠷᠭᠠᠭᠤᠯᠢ ᠳᠤ ᠰᠢᠯᠭᠠᠭᠳᠠᠨ ᠣᠷᠣᠯ᠎ᠠ ᠯᠠ ᠭᠡᠭᠰᠡᠭᠡᠷ ᠰᠤᠷᠤᠭᠰᠠᠨ ᠨᠢ ᠶᠠᠮᠠᠷ ᠢ ᠬᠠᠮᠢᠶᠠᠷᠬᠤ ᠦᠭᠡᠢ ᠲᠡᠭᠦᠰᠦᠭᠰᠡᠭᠡᠷ ᠪᠦᠬᠦᠨ ᠢᠶᠠᠷ ᠢᠶᠠᠨ ᠠᠵᠢᠯ ᠣᠯᠵᠤ ᠳᠡᠶᠢᠯᠳᠡᠭ ᠪᠣᠯᠬᠤᠷ ᠶᠠᠭᠠᠬᠢᠵᠤ ᠴᠣᠬᠢᠪᠠᠴᠤ ᠬᠠᠭᠠᠷᠠᠬᠤ ᠦᠭᠡᠢ᠂ ᠶᠠᠭᠠᠬᠢᠵᠤ ᠡᠳ᠋ᠯᠡᠪᠡᠴᠦ ᠡᠯᠡᠭᠳᠡᠬᠦ ᠦᠭᠡᠢ 《ᠲᠡᠮᠦᠷ ᠠᠶᠠᠭ᠎ᠠ》᠁ ᠲᠣᠭᠲᠠᠭᠰᠠᠨ ᠠᠵᠢᠯ ᠠᠯᠪᠠ ᠲᠠᠢ᠂ ᠴᠠᠯᠢᠩ ᠮᠦᠩᠭᠦ ᠲᠠᠢ 《ᠤᠯᠤᠰ ᠤᠨ ᠪᠤᠳᠠᠭ᠎ᠠ》ᠢᠳᠡᠳᠡᠭ 《ᠲᠡᠮᠦᠷ ᠠᠶᠠᠭ᠎ᠠ》 ᠲᠠᠢ ᠪᠣᠯᠳᠠᠭ᠃ 《ᠴᠠᠭ ᠴᠠᠭ ᠢᠶᠠᠷ ᠪᠠᠶᠢᠳᠠᠭ ᠦᠭᠡᠢ᠂ ᠴᠠᠬᠢᠯᠳᠠᠭ ᠬᠥᠬᠡ ᠪᠠᠷ ᠢᠶᠠᠨ ᠪᠠᠶᠢᠳᠠᠭ ᠦᠭᠡᠢ》ᠭᠡᠭᠴᠢ ᠪᠠᠷ ᠨᠡᠶᠢᠭᠡᠮ ᠤᠨ ᠬᠥᠭᠵᠢᠯᠲᠡ᠂ ᠴᠠᠭ ᠥᠶ᠎ᠡ ᠶᠢᠨ ᠬᠤᠪᠢᠷᠠᠯᠲᠠ᠂ ᠬᠦᠮᠦᠨ ᠠᠷᠠᠳ ᠤᠨ ᠬᠡᠪ ᠪᠣᠯᠪᠠᠰᠤᠷᠠᠯ ᠤᠨ ᠳᠡᠭᠡᠭᠰᠢᠯᠡᠯᠲᠡ ᠶᠢ ᠳᠠᠭᠠᠯᠳᠤᠨ 《ᠲᠡᠮᠦᠷ ᠠᠶᠠᠭ᠎ᠠ》 ᠳᠤ ᠰᠦᠷᠳᠡᠭᠦᠯᠦᠯ ᠤᠴᠠᠷᠠᠵᠤ᠂ 《ᠰᠢᠪᠠᠷ ᠠᠶᠠᠭ᠎ᠠ》 ᠪᠠᠷ ᠰᠣᠯᠢᠭᠳᠠᠬᠤ ᠪᠣᠯᠤᠯᠴᠠᠭ᠎ᠠ ᠭᠠᠷᠤᠭᠰᠠᠨ ᠮᠥᠷᠲᠡᠭᠡᠨ 《ᠲᠡᠮᠦᠷ ᠠᠶᠠᠭ᠎ᠠ》 ᠪᠠᠨ 《ᠠᠯᠲᠠᠨ ᠠᠶᠠᠭ᠎ᠠ》《 ᠠᠯᠮᠠᠰ ᠠᠶᠠᠭ᠎ᠠ》ᠪᠣᠯᠭᠠᠬᠤ ᠨᠥᠬᠦᠴᠡᠯ ᠴᠤ ᠪᠦᠷᠢᠯᠳᠦᠭᠰᠡᠨ ᠪᠠᠶᠢᠨ᠎ᠠ᠃
《ᠲᠡᠮᠦᠷ ᠠᠶᠠᠭᠠᠨ》 ᠳᠠᠭᠠᠨ ᠰᠡᠳᠬᠢᠯ ᠬᠠᠨᠵᠤ ᠴᠢᠷᠮᠠᠶᠢᠵᠤ ᠵᠢᠳᠬᠦᠬᠦ ᠳᠤᠷ᠎ᠠ ᠦᠭᠡᠢ᠂ ᠳᠠᠪᠰᠢᠵᠤ ᠥᠭᠡᠳᠡᠯᠡᠬᠦ ᠶᠢ ᠪᠣᠳᠣᠬᠤ ᠦᠭᠡᠢ᠂ ᠨᠡᠮᠡᠭᠳᠡᠭᠦᠯᠵᠦ ᠬᠤᠷᠠᠮᠳᠤᠭᠤᠯᠬᠤ ᠶᠢ ᠬᠢᠬᠦ ᠦᠭᠡᠢ᠂ ᠥᠭᠡᠷᠡᠴᠢᠯᠡᠵᠦ ᠰᠢᠨᠡᠴᠢᠯᠡᠬᠦ ᠶᠢ ᠣᠷᠣᠯᠳᠣᠬᠤ ᠦᠭᠡᠢ ᠨᠢᠭᠡ ᠪᠦᠯᠦᠭ ᠬᠦᠮᠦᠨ ᠨᠢ ᠴᠠᠭ ᠥᠶ᠎ᠡ ᠶᠢᠨ ᠤᠷᠤᠰᠬᠠᠯ ᠳᠤ 《ᠲᠡᠮᠦᠷ ᠠᠶᠠᠭ᠎ᠠ》 ᠪᠠᠨ 《ᠰᠢᠪᠠᠷ ᠠᠶᠠᠭ᠎ᠠ》ᠪᠣᠯᠭᠠᠵᠤ᠂ ᠠᠵᠢᠯ ᠠᠯᠪᠠ ᠪᠠᠨ ᠠᠯᠳᠠᠨ᠂ ᠠᠮᠢᠳᠤᠷᠠᠯ ᠠᠬᠤᠢ ᠪᠠᠨ ᠳᠣᠷᠦ᠋ᠢᠲᠠᠭᠤᠯᠵᠤ᠂ ᠠᠩᠭᠢ ᠠᠴᠠ ᠪᠠᠨ ᠬᠠᠶᠠᠭᠳᠠᠨ᠂ ᠡ᠊ᠩᠨᠡᠭᠡᠨ ᠠᠴᠠ ᠪᠠᠨ ᠬᠤᠴᠣᠷᠣᠭᠰᠠᠨ ᠪᠠᠶᠢᠨ᠎ᠠ᠃ ᠪᠠᠰᠠ ᠨᠢᠭᠡ ᠪᠦᠯᠦᠭ ᠵᠠᠯᠠᠭᠤᠴᠤᠳ᠂ ᠠᠯᠤᠰ ᠤᠨ ᠬᠠᠷᠠᠯᠲᠠ ᠦᠭᠡᠢ᠂ ᠨᠢᠳᠦᠨ ᠡᠮᠦᠨᠡᠬᠢ ᠳᠡᠭᠡᠨ ᠭᠤᠲᠤᠷᠠᠨ᠂ ᠠᠬᠤᠢ ᠪᠠᠶᠢᠳᠠᠯ ᠳᠠᠭᠠᠨ ᠭᠤᠮᠤᠳᠠᠭᠠᠳ᠂ ᠴᠠᠭ ᠮᠥᠴᠡ ᠪᠠᠨ ᠲᠠᠯᠠᠭᠠᠷ ᠬᠤᠭᠤᠰᠣᠨ ᠦᠷᠡᠭᠡᠵᠦ᠂ ᠡᠳᠦᠷ ᠰᠥᠨᠢ ᠶᠢ ᠴᠠᠯᠠᠭᠠᠢ ᠬᠠᠭᠤᠳᠠᠮ ᠥᠩᠭᠡᠷᠡᠭᠦᠯᠦᠨ᠂ ᠶᠡᠭᠡ ᠡᠷᠲᠡ ᠠᠴᠠ ᠨᠡᠶᠢᠭᠡᠮ ᠤᠨ ᠰᠤᠯᠠ ᠠᠷᠠᠳ ᠪᠣᠯᠵᠤ ᠰᠡᠯᠡᠭᠦᠦ ᠡᠷᠭᠢᠴᠡᠬᠦ ᠪᠤᠶᠤ ᠶᠡᠭᠡ ᠰᠤᠷᠭᠠᠭᠤᠯᠢ ᠳᠤ ᠰᠢᠯᠭᠠᠭᠳᠠᠨ ᠣᠷᠣᠭᠰᠠᠨ ᠴᠤ ᠰᠤᠷᠴᠤ ᠳᠡᠭᠡᠭᠰᠢᠯᠡᠭᠦᠯᠬᠦ ᠪᠠ ᠪᠦᠷᠢᠨᠰᠢᠭᠦᠯᠵᠣ ᠲᠡᠭᠦᠯᠳᠡᠷᠵᠢᠭᠦᠯᠬᠦ ᠤᠬᠠᠮᠰᠠᠷ ᠲᠤᠲᠠᠮᠠᠭ᠂ ᠡᠵᠡᠮᠰᠢᠪᠡᠰᠦ ᠵᠣᠬᠢᠬᠤ ᠡᠷᠳᠡᠮ ᠮᠡᠳᠡᠯᠭᠡ ᠪᠠᠨ ᠡᠵᠡᠮᠰᠢᠬᠦ ᠦᠭᠡᠢ᠂ ᠪᠦᠷᠢᠯᠳᠦᠭᠦᠯᠪᠡᠰᠦ ᠵᠣᠬᠢᠬᠤ ᠴᠢᠳᠠᠪᠤᠷᠢ ᠪᠠᠨ ᠪᠦᠷᠢᠯᠳᠦᠭᠦᠯᠬᠦ ᠦᠭᠡᠢ᠂ 《ᠠᠳᠤᠭᠤᠨ ᠳᠠᠭᠠᠨ ᠭᠡᠪᠡᠯ ᠬᠦᠯᠦᠭ ᠤᠨ ᠲᠣᠭᠤᠰᠣᠨ ᠳᠤ ᠳᠠᠷᠤᠭᠳᠠᠬᠤ ᠦᠭᠡᠢ᠂ ᠠᠲᠠᠭᠠᠨ ᠳᠠᠭᠠᠨ ᠭᠡᠪᠡᠯ ᠬᠦᠮᠦᠨ ᠤ ᠲᠣᠭᠤᠰᠣᠨ ᠳᠤ ᠪᠤᠯᠠᠭᠳᠠᠬᠤ ᠦᠭᠡᠢ》ᠭᠡᠰᠡᠨ ᠬᠦᠰᠡᠯ ᠵᠣᠷᠢᠭ ᠦᠭᠡᠢ᠂ 《ᠵᠦᠭᠡᠷ ᠰᠠᠭᠤᠪᠠᠴᠤ ᠨᠢᠭᠡ ᠨᠠᠰᠤ᠂ ᠵᠦᠯᠭᠦᠵᠦ ᠰᠠᠭᠤᠪᠠᠴᠤ ᠨᠢᠭᠡ ᠨᠠᠰᠤ》《ᠲᠣᠭᠠᠯᠠᠵᠤ ᠲᠠᠯᠪᠢᠭᠰᠠᠨ ᠨᠠᠰᠤ᠂ ᠲᠥᠭᠡᠯᠡᠵᠦ ᠲᠠᠯᠪᠢᠭᠰᠠᠨ ᠪᠡᠶ᠎ᠡ》 ᠪᠠᠨ ᠵᠣᠪᠠᠭᠠᠬᠤ ᠦᠭᠡᠢ᠂ ᠴᠢᠯᠡᠭᠡᠬᠦ ᠦᠭᠡᠢ ᠭᠡᠵᠦ ᠨᠣᠮ ᠤᠨ ᠪᠠᠯᠠᠢ ᠨᠦᠢᠷ ᠤᠨ ᠡᠵᠡᠨ ᠪᠣᠯᠵᠤ᠂ 《ᠲᠡᠮᠦᠷ ᠠᠶᠠᠭ᠎ᠠ》 ᠶᠢ ᠪᠦᠦ ᠬᠡᠯᠡ᠂ 《ᠰᠢᠪᠠᠷ ᠠᠶᠠᠭ᠎ᠠ》ᠴᠤ ᠦᠭᠡᠢ᠂ ᠬᠤᠲᠠ ᠳᠤ ᠠᠵᠢᠯ ᠦᠭᠡᠢ 《ᠲᠡᠨᠦᠭᠦᠯᠴᠢᠨ》᠂ ᠬᠥᠳᠡᠭᠡ ᠳᠤ ᠳᠤᠷ᠎ᠠ ᠦᠭᠡᠢ 《ᠣᠶᠣᠲᠠᠨ》 ᠪᠣᠯᠣᠭᠠᠳ 《ᠣᠷᠣᠨᠴᠤᠭ》ᠪᠣᠯᠵᠤ ᠣᠯᠢᠭ ᠢᠶᠠᠨ ᠪᠠᠷᠠᠵᠤ ᠶᠠᠪᠤᠭ᠎ᠠ ᠨᠢ ᠴᠥᠭᠡᠨ ᠪᠤᠰᠤ᠃
ᠬᠡᠯᠡᠯᠭᠡᠨ ᠦᠭᠡᠢ ᠪᠠᠰᠠ ᠨᠢᠭᠡ ᠪᠦᠯᠦᠭ ᠵᠠᠯᠠᠭᠤᠴᠤᠳ᠂ ᠴᠠᠭ ᠥᠶ᠎ᠡ ᠶᠢᠨ ᠠᠶᠢᠵᠠᠮ ᠢ ᠳᠠᠭᠠᠵᠤ᠂ ᠨᠡᠶᠢᠭᠡᠮ ᠤᠨ ᠬᠥᠭᠵᠢᠯᠲᠡ ᠳᠤ ᠵᠣᠬᠢᠴᠠᠭᠰᠠᠨ᠂ ᠬᠡᠷᠡᠭᠴᠡᠭᠡ ᠱᠠᠭᠠᠷᠳᠠᠯᠭ᠎ᠠ ᠳᠤ ᠨᠡᠶᠢᠴᠡᠭᠰᠡᠨ ᠴᠢᠷᠮᠠᠶᠢᠯᠭ᠎ᠠ ᠵᠢᠳᠬᠦᠯ ᠲᠠᠢ ᠬᠤᠪᠢ ᠨᠡᠮᠡᠷᠢ ᠲᠠᠢ ᠦᠢᠯᠡᠰ ᠪᠦᠲᠦᠭᠡᠯ ᠲᠠᠢ ᠣᠷᠣᠨ ᠪᠠᠶᠢᠷᠢ ᠲᠠᠢ ᠬᠦᠮᠦᠨ ᠪᠣᠯᠵᠤ᠂ ᠥᠷᠢᠰᠥᠯᠳᠦᠭᠡᠨ ᠤᠯᠠᠮ ᠤᠯᠠᠮ ᠴᠢᠩᠭᠠᠷᠠᠭᠰᠠᠨ ᠡᠨ᠋ᠨ ᠡᠷᠢᠨ ᠳᠤ ᠵᠥᠪᠬᠡᠨ 《ᠲᠡᠮᠦᠷ ᠠᠶᠠᠭ᠎ᠠ》 ᠲᠠᠢ ᠯᠠ ᠪᠣᠯᠬᠤ ᠶᠢ ᠪᠣᠳᠤᠭ᠎ᠠ ᠦᠭᠡᠢ᠂ ᠬᠠᠷᠢᠨ ᠦᠨᠡᠨᠬᠦ ᠴᠢᠳᠠᠪᠤᠷᠢ ᠲᠠᠢ᠂ ᠬᠠᠶᠢᠨ ᠰᠥᠪᠡᠭᠴᠢᠯᠡᠬᠦ ᠵᠣᠷᠢᠭ ᠲᠠᠢ᠂ ᠡᠭᠦᠳᠦᠨ ᠪᠦᠲᠦᠭᠡᠬᠦ ᠬᠦᠰᠡᠯ ᠲᠠᠢ᠂ ᠥᠪᠡᠷᠮᠢᠴᠡ ᠳᠠᠪᠠᠭᠤ ᠲᠠᠯ᠎ᠠ ᠲᠠᠢ᠂ ᠥᠪᠡᠷ ᠤᠨ ᠭᠡᠰᠡᠨ ᠦᠵᠡᠯ ᠪᠣᠳᠣᠯ ᠲᠠᠢ᠂ ᠶᠡᠷᠦᠩᠬᠡᠢ ᠬᠡᠪ ᠪᠣᠯᠪᠠᠰᠤᠷᠠᠯ ᠢᠶᠠᠷ ᠥᠨᠳᠥᠷ ᠡ᠊ᠩᠨᠡᠭᠡᠨ ᠤ ᠬᠡᠰᠢᠭᠦᠨ ᠪᠣᠯᠬᠤ ᠪᠠᠷ ᠲᠠᠰᠤᠷᠠᠯ ᠦᠭᠡᠢ ᠰᠤᠷᠤᠯᠴᠠᠵᠤ᠂ ᠵᠣᠭᠰᠣᠯ ᠦᠭᠡᠢ ᠳᠡᠭᠡᠭᠰᠢᠯᠡᠭᠦᠯᠵᠦ ᠪᠤᠢ᠃ ᠢᠩᠬᠢᠭᠡᠳ ᠠᠵᠢᠯ ᠠᠯᠪᠠ ᠭᠦᠢᠴᠡᠭᠡᠵᠦ ᠪᠠᠶᠢᠭ᠎ᠠ ᠪᠠᠶᠢᠭᠤᠯᠭ᠎ᠠ ᠨᠢᠭᠡᠴᠢ ᠳᠡᠭᠡᠨ ᠲᠣᠭᠤᠭᠳᠠᠭᠰᠠᠨ᠂ ᠣᠯᠠᠩᠬᠢ ᠬᠦᠮᠦᠨ ᠳᠤ ᠪᠢᠰᠢᠷᠡᠭᠳᠡᠭᠰᠡᠨ᠂ ᠣᠨᠴᠠ ᠵᠠᠷᠢᠮ ᠳᠤᠨᠢ ᠠᠲᠠᠭᠠᠷᠬᠠᠭᠳᠠᠭᠰᠠᠨ᠂ ᠭᠤᠣᠯᠯᠠᠭᠴᠢ ᠬᠦᠴᠦᠨ ᠪᠣᠯᠣᠭᠠᠳ ᠥᠪᠡᠷ ᠤᠨ ᠪᠠᠶᠢᠷᠢ ᠰᠠᠭᠤᠷᠢ᠂ ᠨᠡᠷ᠎ᠡ ᠲᠥᠷᠦ ᠪᠠᠨ ᠮᠠᠨᠳᠤᠭᠤᠯᠤᠭᠠᠳ᠂ ᠭᠡᠭᠡᠨ ᠰᠠᠷᠠᠭᠤᠯ ᠢᠷᠡᠭᠡᠳᠦᠢ ᠵᠦᠭ ᠴᠤᠴᠠᠯᠲᠠ ᠦᠭᠡᠢ ᠤᠷᠤᠭᠰᠢᠯᠠᠵᠤ ᠪᠠᠶᠢᠭ᠎ᠠ᠃ ᠡᠶᠢᠮᠦᠷᠭᠦᠦ ᠬᠦᠮᠦᠰ ᠵᠥᠪᠬᠡᠨ ᠲᠣᠭᠲᠠᠭᠰᠠᠨ ᠨᠢᠭᠡ ᠠᠵᠢᠯ ᠣᠯᠵᠤ᠂ ᠴᠠᠯᠢᠩ ᠮᠦᠩᠭᠦ ᠪᠠᠲᠤᠯᠠᠭ᠎ᠠ ᠲᠠᠢ《ᠲᠡᠮᠦᠷ ᠠᠶᠠᠭ᠎ᠠ》 ᠲᠠᠢ ᠠᠮᠢᠳᠤᠷᠠᠬᠤ ᠶᠢ ᠪᠣᠳᠤᠭ᠎ᠠ ᠦᠭᠡᠢ᠂ ᠪᠠᠶᠢᠭᠤᠯᠭ᠎ᠠ ᠨᠢᠭᠡᠴᠢ ᠶᠢᠨ ᠢᠶᠠᠨ ᠲᠤᠲᠠᠭᠳᠠᠵᠤ ᠪᠣᠯᠣᠰᠢ ᠦᠭᠡᠢ ᠬᠦᠴᠦᠨ ᠪᠣᠯᠵᠤ᠂ ᠠᠵᠢᠯ ᠮᠡᠷᠭᠡᠵᠢᠯ ᠳᠡᠭᠡᠨ ᠴᠠᠭᠠᠷᠠᠭᠰᠠᠨ ᠨᠢᠷᠤᠭᠤ ᠲᠤᠯᠭᠠᠭᠤᠷᠢ ᠪᠣᠯᠬᠤ ᠪᠠᠷ ᠪᠡᠶ᠎ᠡ ᠪᠠᠨ ᠴᠢᠩᠭ᠎ᠠ ᠱᠠᠭᠠᠷᠳᠠᠵᠤ᠂ ᠥᠶ᠎ᠡ ᠬᠤᠷᠠᠭ ᠤᠨ ᠳᠤᠮᠳᠠ ᠪᠠᠨ ᠴᠣᠯᠭᠤᠷᠠᠭᠰᠠᠨ᠂ ᠦᠢᠯᠡᠳᠦᠯ ᠬᠡᠷᠡᠭᠴᠡᠭᠡ ᠪᠠᠷ ᠢᠶᠠᠨ ᠣᠷᠦ᠋ᠢᠯᠠᠭᠰᠠᠨ᠂ ᠴᠠᠯᠢᠩ ᠮᠦᠩᠭᠦ ᠴᠤ ᠥᠨᠳᠥᠷ ᠬᠦᠮᠦᠨ ᠪᠣᠯᠵᠤ᠂ 《ᠲᠡᠮᠦᠷ ᠠᠶᠠᠭ᠎ᠠ》 ᠪᠠᠨ 《ᠠᠯᠲᠠᠨ ᠠᠶᠠᠭ᠎ᠠ》ᠪᠣᠯᠭᠠᠵᠤ᠂ ᠭᠡᠷᠡᠯ ᠭᠢᠯᠪᠠᠭ᠎ᠠ ᠪᠠᠨ ᠰᠠᠴᠤᠷᠠᠭᠤᠯᠳᠠᠭ᠃
ᠪᠠᠰᠠ ᠵᠠᠷᠢᠮ ᠨᠢ ᠪᠠᠶᠢᠭᠤᠯᠭ᠎ᠠ ᠨᠢᠭᠡᠴᠢ ᠳᠡᠭᠡᠨ ᠯᠠ ᠪᠢᠰᠢ᠂ ᠨᠡᠩ ᠥᠨᠳᠥᠷ ᠲᠤ ᠭᠠᠷᠴᠤ᠂ ᠨᠡᠩ ᠬᠤᠯᠠ ᠶᠢ ᠬᠠᠷᠠᠨ᠂ ᠥᠪᠡᠷ ᠤᠨ ᠴᠢᠳᠠᠪᠤᠷᠢ ᠪᠠᠨ ᠨᠡᠩ ᠶᠡᠭᠡ ᠦᠢᠯᠡᠰ ᠲᠤ ᠵᠣᠷᠢᠭᠤᠯᠬᠤ ᠶᠢ ᠪᠣᠳᠣᠵᠤ᠂ ᠨᠢᠳᠦᠨ ᠡᠮᠦᠨᠡᠬᠢ ᠠᠵᠢᠯ ᠠᠯᠪᠠ ᠪᠠᠨ ᠪᠦᠷᠢᠨ ᠭᠦᠢᠴᠡᠳ᠂ ᠴᠢᠨᠠᠷ ᠴᠢᠨᠰᠠᠭ᠎ᠠ ᠲᠠᠢ᠂ ᠡᠭᠦᠳᠦᠨ ᠪᠦᠲᠦᠭᠡᠯᠲᠡ ᠲᠠᠢ ᠭᠦᠢᠴᠡᠳᠬᠡᠬᠦ ᠪᠠᠷ ᠪᠠᠷᠠᠬᠤ ᠦᠭᠡᠢ 《ᠮᠥᠴᠢᠲᠦ ᠳᠥᠷᠪᠡᠨ ᠬᠥᠯᠲᠡᠨ ᠤ ᠮᠥᠷ ᠨᠢ ᠬᠦᠷᠦᠭᠡ ᠦᠭᠡᠢ》ᠣᠷᠭᠢᠯ ᠳᠤ ᠮᠥᠷ ᠢᠶᠠᠨ ᠦᠯᠡᠳᠡᠭᠡᠵᠦ᠂ 《ᠮᠥᠭᠡᠷᠡᠰᠦ ᠨᠢᠮᠭᠡᠨ ᠬᠤᠭᠤᠯᠠᠶᠢᠲᠠᠨ ᠤ ᠳᠠᠭᠤ ᠨᠢ ᠭᠠᠷᠤᠭ᠎ᠠ ᠦᠭᠡᠢ》ᠣᠷᠭᠢᠯ ᠳᠤ ᠳᠠᠭᠤ ᠪᠠᠨ ᠳᠠᠭᠤᠷᠢᠰᠬᠠᠨ᠂ ᠠᠮᠢᠳᠤᠷᠠᠯ ᠤᠨ ᠤᠳᠬ᠎ᠠ ᠠᠭᠤᠯᠭ᠎ᠠ ᠪᠠᠨ ᠨᠡᠩ ᠪᠠᠶᠠᠯᠢᠭ᠂ ᠨᠡᠩ ᠦᠨ᠎ᠡ ᠥᠷᠲᠡᠭ ᠲᠠᠢ ᠪᠣᠯᠭᠠᠬᠤ ᠪᠠᠷ ᠦᠢᠯᠡᠰ ᠤᠨ ᠣᠷᠭᠢᠯ ᠳᠤ ᠵᠣᠷᠢᠭᠲᠠᠢ ᠭᠠᠷᠴᠤ᠂ ᠣᠯᠠᠨ ᠠᠴᠠ ᠣᠷᠦ᠋ᠢᠯᠠᠵᠤ ᠲᠦᠮᠡᠨ ᠠᠴᠠ ᠲᠦᠷᠦᠭᠦᠯᠡᠨ᠂ ᠨᠡᠶᠢᠭᠡᠮ ᠤᠨ ᠲᠤᠯᠭᠠᠭᠤᠷᠢ ᠬᠦᠴᠦᠨ᠂ ᠴᠠᠭ ᠥᠶ᠎ᠡ ᠶᠢᠨ ᠳᠠᠭᠠᠭᠤᠯᠤᠭᠴᠢ᠂ ᠣᠯᠠᠨ ᠤ ᠳᠠᠭᠤᠷᠢᠶᠠᠯ ᠪᠣᠯᠵᠤ᠂ 《ᠪᠢ ᠰᠢᠯᠢᠳᠡᠭ ᠢ ᠨᠢ ᠰᠣᠩᠭᠤᠬᠤ ᠪᠢᠰᠢ᠂ ᠰᠢᠯᠢᠳᠡᠭ ᠨᠢ ᠨᠠᠮ᠎ᠠ ᠶᠢ ᠰᠣᠩᠭᠤᠭ》ᠭᠡᠬᠦ ᠬᠡᠮᠵᠢᠶᠡᠨ ᠳᠤ ᠬᠦᠷᠴᠦ᠂ 《 ᠠᠯᠲᠠᠨ ᠠᠶᠠᠭ᠎ᠠ》 ᠪᠠᠨ 《ᠠᠯᠮᠠᠰ ᠠᠶᠠᠭ᠎ᠠ》ᠪᠣᠯᠭᠠᠳᠠᠭ ᠪᠠᠶᠢᠨ᠎ᠠ᠃ ᠡᠨ᠋ᠨ ᠥᠶ᠎ᠡ ᠪᠣᠯᠬᠤ ᠳᠤ ᠪᠠᠶᠢᠭᠤᠯᠭ᠎ᠠ ᠨᠢᠭᠡᠴᠢ ᠴᠢᠮ᠎ᠠ ᠶᠢ ᠰᠣᠩᠭᠤᠬᠤ ᠪᠢᠰᠢ᠂ ᠴᠢ ᠪᠠᠶᠢᠭᠤᠯᠭ᠎ᠠ ᠨᠢᠭᠡᠴᠢ ᠶᠢ ᠰᠣᠩᠭᠤᠨ᠎ᠠ᠃ ᠴᠢ ᠳᠤᠷᠠᠲᠠᠢ ᠭᠡᠰᠡᠨ ᠭᠠᠵᠠᠷ ᠳᠣᠲᠣᠷ᠎ᠠ ᠠᠴᠠ ᠪᠠᠨ ᠡᠯ᠎ᠡ ᠵᠦᠢᠯ ᠤᠨ ᠨᠥᠬᠦᠴᠡᠯ ᠢᠶᠠᠷ ᠰᠠᠶᠢᠨ᠂ ᠴᠢᠨᠦ ᠬᠤᠵᠢᠮ ᠤᠨ ᠬᠥᠭᠵᠢᠯᠲᠡ ᠳᠤ ᠠᠰᠢᠭᠲᠠᠢ᠂ ᠴᠢᠨᠦ ᠴᠢᠳᠠᠪᠤᠷᠢ ᠪᠠᠨ ᠪᠦᠷᠢᠨ ᠭᠦᠢᠴᠡᠳ ᠪᠠᠳᠠᠷᠠᠭᠤᠯᠬᠤ ᠳᠤ ᠲᠤᠰᠠᠲᠠᠢ ᠭᠠᠵᠠᠷ ᠢᠶᠠᠨ ᠳᠤᠷᠠᠲᠠᠢ ᠰᠣᠩᠭᠤᠵᠤ ᠳᠡᠶᠢᠯᠬᠦ ᠮᠥᠷᠲᠡᠭᠡᠨ ᠬᠡᠷᠡᠭᠯᠡᠬᠦ ᠪᠠᠶᠢᠭᠤᠯᠭ᠎ᠠ ᠨᠢᠭᠡᠴᠢ ᠴᠤ ᠭᠡᠰᠡᠨ ᠡᠶᠢᠮᠦ ᠨᠢᠭᠡᠨ ᠡᠷᠳᠡᠮ ᠲᠠᠢ ᠴᠢᠳᠠᠯ ᠲᠠᠢ ᠬᠦᠮᠦᠨ ᠣᠯᠵᠤ ᠠᠪᠤᠭᠰᠠᠨ ᠳᠠᠭᠠᠨ ᠠᠵᠠ ᠶᠢᠨ ᠲᠡᠭᠷᠢ ᠢᠪᠡᠭᠡᠭᠰᠡᠨ ᠰᠢᠭ ᠪᠠᠶᠠᠷᠯᠠᠬᠤ ᠪᠣᠯᠤᠨ᠎ᠠ᠃ ᠬᠦᠮᠦᠨ ᠬᠡᠷᠪᠡ ᠴᠢᠷᠮᠠᠶᠢᠭᠠᠳ ᠡᠨ᠋ᠨ ᠬᠡᠮᠵᠢᠶᠡᠨ ᠳᠤ ᠬᠦᠷᠴᠢᠭᠡᠪᠡᠯ 《ᠠᠯᠮᠠᠰ ᠠᠶᠠᠭ᠎ᠠ》 ᠲᠠᠢ ᠪᠣᠯᠤᠭᠰᠠᠨ ᠳᠤ ᠲᠣᠭᠠᠴᠠᠭᠳᠠᠨ᠎ᠠ᠃
ᠡᠶᠢᠮᠦ ᠠᠴᠠ᠂ ᠣᠳᠣ ᠴᠠᠭ ᠲᠤ ᠵᠢᠩᠬᠢᠨᠢ ᠠᠩᠭᠢ ᠲᠡᠭᠦᠰᠦᠭᠰᠡᠨ ᠦᠨᠡᠮᠯᠡᠯ ᠲᠠᠢ᠂ ᠮᠠᠰᠲ᠋ᠧᠷ ᠴᠣᠯᠠ ᠲᠠᠢ᠂ ᠴᠢᠨᠠᠭᠰᠢᠯᠠᠪᠠᠯ ᠳ᠋ᠣᠺᠲ᠋ᠣᠷ ᠲᠡᠭᠦᠰᠦᠭᠰᠡᠨ ᠴᠤ ᠠᠵᠢᠯ ᠣᠯᠵᠤ ᠳᠡᠶᠢᠯᠬᠦ ᠦᠭᠡᠢ ᠪᠠᠶᠢᠨ᠎ᠠ ᠭᠡᠳᠡᠭ ᠨᠡᠶᠢᠭᠡᠮ ᠤᠨ ᠤᠴᠢᠷ ᠪᠢᠰᠢ᠂ ᠴᠠᠭ ᠥᠶ᠎ᠡ ᠶᠢᠨ ᠤᠴᠢᠷ ᠪᠢᠰᠢ᠂ ᠡᠴᠤᠰ ᠤᠨ ᠡᠴᠤᠰ ᠲᠡᠭᠡᠨ ᠬᠠᠰᠢ ᠯᠠ ᠵᠠᠯᠠᠭᠤᠴᠤᠳ ᠤᠨ ᠥᠪᠡᠷ ᠤᠨ ᠤᠴᠢᠷ᠃ ᠵᠠᠯᠠᠭᠤᠴᠤᠳ ᠬᠡᠷᠪᠡ ᠥᠪᠡᠷ ᠢ ᠪᠠᠨ ᠤᠨᠠᠪᠠᠯ ᠬᠠᠭᠠᠷᠠᠳᠠᠭ 《ᠰᠢᠪᠠᠷ ᠠᠶᠠᠭ᠎ᠠ》 ᠲᠠᠢ ᠪᠢᠰᠢ᠂ ᠳᠥᠩᠭᠡᠵᠦ ᠳᠠᠩᠭᠠᠵᠤ ᠠᠷᠭᠠᠴᠠᠳᠠᠭ 《ᠲᠡᠮᠦᠷ ᠠᠶᠠᠭ᠎ᠠ》ᠴᠤ ᠪᠢᠰᠢ᠂ ᠬᠠᠷᠢᠨ 《ᠠᠯᠲᠠᠨ ᠠᠶᠠᠭ᠎ᠠ》《 ᠠᠯᠮᠠᠰ ᠠᠶᠠᠭ᠎ᠠ》 ᠲᠠᠢ ᠪᠣᠯᠴᠢᠬᠠᠪᠠᠯ ᠠᠵᠢᠯ ᠣᠯᠬᠤ ᠶᠢᠨ ᠲᠥᠯᠥᠭᠡ ᠪᠢᠰᠢ᠂ ᠥᠪᠡᠷ ᠤᠨ ᠳᠤᠷ᠎ᠠ ᠪᠠᠷ ᠢᠶᠠᠨ ᠪᠠᠶᠢᠭᠤᠯᠭ᠎ᠠ ᠨᠢᠭᠡᠴᠢ᠂ ᠠᠵᠢᠯ ᠤᠨ ᠪᠠᠶᠢᠷᠢ ᠰᠣᠩᠭᠤᠬᠤ ᠡᠷᠬᠡ ᠲᠠᠢ ᠪᠣᠯᠤᠨ᠎ᠠ᠃ ᠢᠩᠬᠢᠪᠡᠯ ᠥᠪᠡᠷ ᠤᠨ ᠴᠢᠳᠠᠯ᠂ ᠥᠪᠡᠷ ᠤᠨ ᠣᠷᠣᠯᠳᠤᠯᠭ᠎ᠠ᠂ ᠥᠪᠡᠷ ᠤᠨ ᠨᠡᠭᠡᠭᠡᠯᠲᠡ ᠪᠠᠷ ᠢᠶᠠᠨ ᠤᠯᠤᠰ ᠬᠦᠷᠦᠨ ᠤ ᠬᠦᠴᠦᠷᠬᠡᠭᠵᠢᠯ᠂ ᠤᠭᠰᠠᠭ᠎ᠠ ᠦᠨᠳᠦᠰᠦᠲᠡᠨ ᠤ ᠳᠠᠪᠰᠢᠯᠲᠠ ᠳᠤ ᠥᠪᠡᠷ ᠤᠨ ᠭᠠᠪᠢᠶ᠎ᠠ ᠵᠢᠳᠬᠦᠯ ᠢᠶᠠᠨ ᠦᠵᠡᠭᠦᠯᠬᠦ ᠪᠣᠯᠤᠯᠴᠠᠭ᠎ᠠ ᠲᠠᠢ ᠪᠣᠯᠤᠨ᠎ᠠ᠃
ᠬᠦᠮᠦᠨ ᠭᠡᠵᠦ ᠴᠢᠷᠮᠠᠶᠢᠵᠤ ᠵᠢᠳᠬᠦᠵᠦ᠂ ᠳᠠᠪᠰᠢᠵᠤ ᠥᠭᠡᠳᠡᠯᠡᠵᠦ ᠶᠠᠪᠤᠪᠠᠯ ᠮᠥᠩᠬᠡ ᠶᠢᠨ ᠦᠢᠯᠡᠰ ᠲᠠᠢ ᠮᠥᠩᠬᠡᠷᠡᠵᠦ ᠴᠢᠳᠠᠳᠠᠭ ᠰᠢᠦ᠂ ᠵᠠᠯᠠᠭᠤᠴᠤᠳ ᠮᠢᠨᠢ︕ 《ᠠᠯᠲᠠᠨ ᠠᠶᠠᠭ᠎ᠠ》 ᠲᠠᠢ᠂ 《ᠠᠯᠮᠠᠰ ᠠᠶᠠᠭ᠎ᠠ》 ᠲᠠᠢ ᠭᠢᠯᠠᠯᠵᠠᠭᠤᠯᠵᠤ᠂ ᠭᠢᠯᠠᠷᠠᠭᠤᠯᠵᠤ ᠶᠠᠪᠤᠬᠤ ᠪᠣᠯᠲᠤᠭᠠᠢ︕