ᠵᠤᠬᠢᠶᠠᠭᠴᠢ: ᠴᠠᠭ:2024-02-29 ᠥᠵᠡᠭᠰᠡᠨ : ᠢᠷᠡᠯᠲᠡ: ᠠᠯᠠᠱᠠ ᠶᠢᠨ ᠲᠡᠮᠡᠭᠡ ᠮᠠᠯᠵᠢᠬᠣ ᠰᠣᠶᠣᠯ   
ᠵᠠᠩ ᠠᠷᠠᠨᠰᠢᠨ ᠢᠶᠠᠷ ᠨᠢ ᠨᠡᠷᠡᠯᠡᠬᠦ

 

ᠲᠤᠯᠤᠳᠤᠭᠠᠷ ᠬᠡᠰᠡᠭ    ᠵᠠᠩ ᠠᠷᠠᠨᠰᠢᠨ ᠢᠶᠠᠷ ᠨᠢ ᠨᠡᠷᠡᠯᠡᠬᠦ

ᠲᠠᠮᠠᠭᠡᠨ ᠤ ᠲᠦᠷᠤᠯᠬᠢ ᠵᠠᠩ ᠠᠷᠠᠠᠰᠢᠨ ᠤ ᠬᠢᠨᠢ ᠤᠠᠴᠠᠯᠢᠭ ᠪᠠ ᠵᠠᠩ ᠠᠷᠠᠠᠰᠢᠨ ᠢᠶᠠᠷ ᠨᠢ ᠦᠡᠭᠭᠡ ᠵᠢᠰᠦ᠂ ᠬᠦᠢᠰᠤ ᠢᠯᠭᠠᠯ ᠢ ᠨᠢ ᠲᠤᠳᠤᠤᠠᠬᠠᠵᠤ ᠨᠡᠷ᠎ᠡ ᠦᠭᠭᠦ ᠶᠢ ᠵᠢᠭᠠᠵᠤ ᠪᠤᠢ ᠃

ᠵᠠᠯᠬᠠᠭᠤ ᠬᠠᠷ᠎ᠠ᠄ ᠤᠨᠤᠵᠤ ᠡᠳ᠋ᠯᠠᠬᠦ ᠳᠤ ᠬᠠᠱᠠᠩ ᠬᠤᠶᠢᠷᠭᠤ ᠬᠠᠷ᠎ᠠ ᠲᠠᠮᠡᠭᠡ᠃

ᠨᠤᠮᠤᠬᠠᠨ ᠬᠦᠷᠠᠩ᠄ ᠪᠠᠷᠢᠵᠤ ᠲᠠᠯᠪᠢᠬᠤ᠂ ᠤᠨᠤᠵᠤ ᠡᠳ᠋ᠯᠠᠬᠦ ᠳᠤ ᠮᠠᠭᠤ ᠵᠠᠩ ᠦᠭᠡᠢ ᠬᠦᠷᠠᠩ ᠲᠠᠮᠡᠭᠡ᠃

ᠲᠤᠭᠰᠢᠨ ᠢᠡᠭᠭᠡ᠄ ᠪᠠᠷᠢᠵᠤ ᠲᠠᠯᠪᠢᠬᠤ᠂ ᠤᠨᠤᠵᠤ ᠡᠳ᠋ᠯᠠᠬᠦ ᠳᠤ ᠨᠤᠮᠤᠬᠠᠨ ᠪᠤᠰᠤ ᠡᠮ᠎ᠠ ᠲᠠᠮᠡᠭᠡ᠃

ᠭᠠᠯᠵᠠᠭᠤ ᠠᠳᠠ᠄ ᠤᠠᠴᠠᠭᠠᠢ ᠲᠤᠭᠰᠢᠨ ᠪᠤᠶᠤ ᠮᠠᠭᠤ ᠵᠠᠩ ᠲᠠᠢ ᠠᠳᠠᠯᠠᠭᠰᠠᠨ ᠲᠠᠮᠡᠭᠡ᠃

ᠲᠠᠪᠤᠨ ᠠᠮᠠᠳᠤ᠄ ᠪᠠᠷᠢᠵᠤ ᠲᠠᠯᠪᠢᠬᠤ᠂ ᠤᠨᠤᠵᠤ ᠡᠳ᠋ᠯᠠᠬᠦ ᠳᠤ ᠲᠤᠭᠰᠢᠨ ᠪᠦᠭᠡᠤᠨ ᠤᠷᠢᠯᠠᠵᠤ ᠪᠠᠷᠬᠢᠷᠠᠬᠤ᠂ ᠰᠠᠪᠠᠰᠤᠯᠠᠵᠤ ᠪᠦᠭᠡᠯᠵᠢᠬᠦ᠂ ᠴᠠᠪᠴᠢᠵᠤ ᠲᠠᠶᠢᠷᠬᠦ᠂ ᠬᠠᠵᠠᠵᠤ ᠭᠡᠮᠭᠡᠬᠦ᠂ ᠪᠤᠯᠬᠢᠵᠤ ᠲᠦᠢᠯᠠᠬᠤ ᠵᠠᠷᠭᠡ ᠡᠯᠳᠠᠪ ᠤᠨ ᠮᠠᠭᠤ ᠵᠠᠩ ᠪᠦᠷᠢᠳᠥᠭᠰᠠᠨ ᠲᠠᠮᠡᠭᠡ᠃

 ᠴᠠᠪᠴᠢᠳᠠᠭ ᠰᠢᠷ᠎ᠠ᠄ ᠴᠠᠪᠴᠢᠯᠬᠢᠯᠠᠬᠤ ᠵᠠᠩ ᠲᠠᠢ ᠰᠢᠷ᠎ᠠ ᠲᠠᠮᠡᠭᠡ᠃

ᠲᠠᠶᠢᠷᠳᠡᠭ ᠤᠯᠠᠭᠠᠨ᠄ ᠬᠠᠶᠢᠷᠬᠤ ᠪᠤᠶᠤ ᠡᠮᠤᠨ᠎ᠠ ᠠᠴᠠ ᠬᠤᠶᠢᠰᠢ ᠲᠤᠭᠤᠶᠢᠯᠠᠨ ᠬᠠᠮᠤᠬᠤ ᠵᠠᠩ ᠲᠠᠢ ᠤᠯᠠᠭᠠᠨ ᠲᠠᠮᠡᠭᠡ᠃

ᠪᠤᠯᠬᠢᠳᠠᠭ ᠪᠤᠷᠤ᠄ ᠶᠠᠪᠤᠵᠤ ᠪᠠᠶᠢᠭᠠᠤᠨ ᠭᠡᠨᠠᠤᠡᠳᠠ ᠪᠤᠴᠠᠵᠤ ᠦᠰᠤᠷᠬᠦ ᠪᠤᠶᠤ ᠬᠠᠵᠠᠭᠤ ᠲᠠᠶᠢᠰᠢ ᠲᠠᠯᠳᠢᠷᠠᠨ ᠲᠦᠢᠯᠠᠬᠤ ᠵᠠᠩ ᠲᠠᠢ ᠪᠤᠷᠤ ᠲᠠᠮᠡᠭᠡ᠃

ᠲᠦᠢᠯᠠᠳᠠᠭ ᠬᠠᠷ᠎ᠠ᠄ ᠦᠷᠭᠦᠵᠦ ᠲᠦᠢᠯᠠᠬᠤ ᠪᠤᠶᠤ ᠤᠨᠤᠭᠰᠠᠨ ᠡᠵᠡᠨ᠂ ᠠᠴᠢᠶ᠎ᠠ ᠬᠦᠰᠭᠡ ᠪᠠᠨ ᠲᠦᠢᠯᠠᠵᠤ ᠤᠨᠠᠭᠠᠬᠤ ᠵᠠᠩ ᠲᠠᠢ ᠬᠠᠷ᠎ᠠ ᠲᠠᠮᠡᠭᠡ᠃

ᠬᠦᠶᠤᠳᠡᠭ ᠤᠯᠠᠭᠠᠨ᠄ ᠬᠤᠷᠳᠤᠨ ᠬᠦᠶᠤᠬᠦ ᠪᠤᠶᠤ ᠪᠠᠶᠢᠷᠢ᠂ ᠢᠵᠢᠯᠢ ᠳᠡᠭᠡᠨ ᠲᠤᠭᠳᠠᠳᠠᠭ ᠦᠭᠡᠢ ᠵᠠᠩ ᠲᠠᠢ ᠤᠯᠠᠭᠠᠨ ᠲᠠᠮᠡᠭᠡ᠃

ᠬᠠᠱᠠᠩ ᠬᠠᠷ᠎ᠠ᠄ ᠤᠨᠤᠵᠤ ᠡᠳ᠋ᠯᠠᠬᠦ ᠳᠤ ᠬᠤᠶᠢᠷᠭᠤ ᠵᠠᠯᠬᠠᠭᠤ᠂ ᠤᠳᠠᠭᠠᠨ ᠪᠤᠶᠢᠳᠤᠭᠤ ︵ᠪᠤᠶᠢᠲᠣᠨ︶ ᠬᠠᠷ᠎ᠠ ᠲᠠᠮᠡᠭᠡ᠃

ᠦᠷᠬᠦᠳᠡᠭ ᠲᠠᠮᠡᠭᠡ : ᠶᠠᠭᠤᠮ᠎ᠠ ᠠᠴᠠ ᠠᠶᠤᠨ ᠰᠤᠴᠢᠵᠤ ᠲᠠᠯᠳᠢᠷᠠᠨ ᠨᠠᠤᠠᠬᠤᠬᠤ ᠵᠠᠩ ᠲᠠᠢ ᠲᠠᠮᠡᠭᠡ᠃

ᠵᠤᠯᠠᠷᠠᠳᠠᠭ ᠲᠠᠮᠡᠭᠡ᠄ ᠤᠶᠠᠭ᠎ᠠ ᠪᠠᠷᠢᠶ᠎ᠠ ᠴᠦᠷᠬᠡᠯᠡᠭᠡ ᠠᠴᠠ ᠪᠠᠨ ᠵᠤᠯᠠᠷᠠᠨ ᠠᠯᠳᠠᠭᠳᠠᠬᠤ ᠵᠠᠩ ᠲᠠᠢ ᠲᠠᠮᠡᠭᠡ᠃

ᠲᠠᠭᠠᠷᠢᠳᠠᠭ ᠲᠠᠮᠡᠭᠡ᠄ ᠬᠦᠮᠤᠨ ᠪᠤᠶᠤ ᠮᠠᠯ ᠤᠨᠤᠭ᠎ᠠ ᠶᠢ ᠲᠠᠪᠰᠠᠯᠠᠨ ᠲᠠᠭᠠᠷᠢᠬᠤ ᠵᠠᠩ ᠲᠠᠢ ᠲᠠᠮᠡᠭᠡ᠃

ᠵᠠᠭᠤᠳᠠᠭ ᠲᠠᠮᠡᠭᠡ᠄ ᠪᠤᠷᠠᠠᠳᠠᠭ᠂ ᠤᠶᠠᠭ᠎ᠠ᠂ ᠴᠦᠷᠬᠡᠯᠡᠭᠡ ᠵᠠᠷᠭᠡ ᠪᠠᠨ ᠬᠠᠵᠠᠵᠤ ᠴᠢᠩᠭᠠᠭᠠᠬᠤ ᠵᠠᠩ ᠲᠠᠢ ᠲᠠᠮᠡᠭᠡ ᠃

ᠭᠡᠮᠬᠢᠳᠡᠭ ᠲᠠᠮᠡᠭᠡ᠄ ᠬᠦᠮᠤᠨ ᠠᠮᠢᠳᠠᠨ ᠢ ᠬᠠᠵᠠᠬᠤ ᠵᠠᠩ ᠲᠠᠢ ᠲᠠᠮᠡᠭᠡ᠃

ᠬᠠᠵᠠᠳᠠᠭ ᠲᠠᠮᠡᠭᠡ᠄ ᠪᠤᠷᠠᠠᠳᠠᠭ ᠢᠶᠠᠨ ᠬᠠᠵᠠᠵᠤ ᠲᠠᠰᠤᠯᠬᠤ ᠵᠠᠩ ᠲᠠᠢ ᠲᠠᠮᠡᠭᠡ᠃

ᠢᠳᠠᠮᠠᠭᠡᠢ ᠲᠠᠮᠡᠭᠡ᠄ ᠪᠤᠷᠠᠠᠳᠠᠭ ᠢᠶᠠᠨ ᠬᠠᠵᠠᠵᠤ ᠲᠠᠰᠤᠯᠬᠤ ᠪᠤᠶᠤ ᠪᠤᠰᠤᠤᠨ ᠶᠠᠭᠤᠮ᠎ᠠ ᠶᠢ ᠦᠵᠡᠭᠰᠡᠭᠡᠷ ᠢᠳᠡᠵᠦ ᠬᠡᠮᠡᠯᠢᠬᠦ ᠵᠠᠩ ᠲᠠᠢ ᠲᠠᠮᠡᠭᠡ᠃

ᠲᠠᠶᠢᠯᠳᠠᠭ ᠲᠠᠮᠡᠭᠡ᠄ ᠤᠶᠠᠭ᠎ᠠ ᠠᠴᠠ ᠪᠤᠷᠠᠠᠳᠠᠭ ᠢᠶᠠᠨ ᠰᠢᠳᠤ ᠪᠠᠷ ᠢᠶᠠᠨ ᠲᠠᠶᠢᠯᠵᠤ ᠠᠯᠳᠠᠷᠠᠭᠠᠳᠠᠭ ᠵᠠᠩ ᠲᠠᠢ ᠲᠠᠮᠡᠭᠡ᠃

ᠰᠠᠭᠤᠳᠠᠭ ᠲᠠᠮᠡᠭᠡ᠄ ᠠᠴᠢᠶ᠎ᠠ ᠴᠦᠷᠬᠡᠯᠡᠭᠡ ᠳᠤ ᠶᠠᠪᠤᠵᠤ ᠪᠠᠶᠢᠭᠠᠤᠨ ᠭᠡᠨᠠᠤᠠᠳᠠ ᠵᠤᠭᠰᠤᠵᠤ ᠪᠤᠶᠢᠯᠨ ᠪᠠᠨ ᠬᠤᠭᠤᠯᠬᠤ ᠪᠤᠶᠤ ᠪᠤᠷᠠᠠᠳᠠᠭ ᠢᠶᠠᠨ ᠰᠤᠭᠤᠯᠵᠤ ᠬᠤᠴᠤᠷᠳᠠᠭ ᠵᠠᠩ ᠲᠠᠢ ᠲᠠᠮᠡᠭᠡ᠃

ᠴᠢᠷᠳᠡᠭ ᠲᠠᠮᠡᠭᠡ᠄ ᠬᠦᠳᠤᠯᠵᠤ ᠶᠠᠪᠤᠬᠤ ᠳᠤ ᠬᠤᠶᠢᠰᠢ ᠴᠢᠩᠭᠠᠭᠠᠬᠤ ᠵᠠᠩ ᠲᠠᠢ ᠲᠠᠮᠡᠭᠡ᠃

ᠬᠦᠭᠡᠭᠡᠳᠡᠭ ᠲᠠᠮᠡᠭᠡ᠄ ᠬᠦᠮᠤᠨ ᠠᠮᠢᠳᠠᠨ ᠤ ᠠᠷᠤ ᠠᠴᠠ ᠬᠦᠬᠡᠭᠡᠳᠡᠭ ᠵᠠᠩ ᠲᠠᠢ ᠲᠠᠮᠡᠭᠡ᠃

ᠨᠠᠯᠠᠳᠠᠭ ᠲᠠᠮᠡᠭᠡ᠄ ᠤᠨᠤᠵᠤ ᠠᠴᠢᠬᠤ ᠳᠤ ᠠᠯᠢ ᠨᠢᠭᠡ ᠲᠠᠶᠢᠰᠢ ᠪᠠᠨ ᠨᠠᠯᠠᠵᠤ ᠬᠠᠪᠢᠷᠭᠠᠯᠠᠨ ᠠᠴᠢᠶ᠎ᠠ ᠬᠦᠰᠭᠡ ᠪᠠᠨ ᠤᠨᠠᠭᠠᠬᠤ ᠵᠠᠩ ᠲᠠᠢ ᠲᠠᠮᠡᠭᠡ᠃

ᠭᠡᠪᠳᠡᠳᠡᠭ ᠲᠠᠮᠡᠭᠡ᠄ ᠤᠨᠤᠵᠤ ᠰᠤᠷᠭᠠᠬᠤ ᠳᠤ ᠭᠡᠪᠳᠠᠭᠡᠤᠨ ᠪᠤᠰᠬᠤ ᠦᠭᠡᠢ ᠪᠤᠶᠤ ᠠᠴᠢᠯᠭ᠎ᠠ ᠤᠨᠤᠯᠭ᠎ᠠ ᠳᠤ ᠲᠠᠷᠳᠠᠵᠤ ᠭᠡᠪᠳᠠᠵᠤ ᠦᠡᠭᠭᠡᠷᠡᠭᠰᠠᠨ᠂ ᠨᠤᠳᠤᠭ ᠤᠰᠤ ᠠᠴᠠ ᠪᠠᠨ ᠰᠠᠯᠬᠤ ᠪᠤᠶᠤ ᠬᠤᠳᠠᠨ ᠠᠴᠠ ᠪᠠᠨ ᠭᠠᠷᠬᠤ ᠳᠤ ᠬᠤᠷᠭᠤᠳᠠᠵᠤ ᠭᠡᠪᠳᠠᠬᠦ ᠵᠠᠩ ᠲᠠᠢ ᠲᠠᠮᠡᠭᠡ᠃

ᠬᠤᠷᠭᠤᠳᠠᠳᠠᠭ ᠲᠠᠮᠡᠭᠡ᠄ ᠬᠤᠳᠠ ᠤᠰᠤ ᠪᠤᠶᠤ ᠢᠵᠢᠯᠢ ᠠᠴᠠ ᠨᠢ ᠰᠠᠯᠭᠠᠨ ᠤᠨᠤᠵᠤ ᠭᠠᠷᠬᠤ ᠳᠤ ᠬᠤᠷᠭᠤᠳᠠᠭᠠᠤᠨ ᠶᠠᠪᠤᠬᠤ ᠲᠤᠷ᠎ᠠ ᠦᠭᠡᠢ ᠬᠤᠯᠬᠢᠬᠤ ᠪᠤᠶᠤ ᠭᠡᠪᠳᠠᠬᠦ ᠵᠠᠩ ᠲᠠᠢ ᠲᠠᠮᠡᠭᠡ᠃

ᠲᠤᠬᠤᠳᠠᠭ ᠲᠠᠮᠡᠭᠡ᠄ ᠪᠤᠷᠠᠠᠳᠠᠭ ᠢᠶᠠᠨ ᠪᠤᠯᠢᠶᠠᠵᠤ ᠲᠤᠯᠤᠭᠠᠢ ᠪᠠᠨ ᠭᠤᠳᠦ᠋ᠢᠵᠤ ᠶᠠᠪᠤᠬᠤ ᠵᠠᠩ ᠲᠠᠢ ᠲᠠᠮᠡᠭᠡ᠃

ᠰᠢᠬᠦᠷᠠᠳᠡᠭ ᠲᠠᠮᠡᠭᠡ᠄ ᠬᠦᠮᠤᠨ ᠤᠨᠤᠵᠤ ᠠᠯᠬᠤᠭᠤᠯᠬᠤ ᠪᠤᠶᠤ ᠱᠤᠭᠰᠢᠭᠤᠯᠵᠤ ᠶᠠᠪᠤᠬᠤ ᠲᠤᠮᠳᠠ ᠠᠮᠵᠢᠵᠦ ᠡᠪᠠᠰᠤ ᠰᠢᠭᠦᠷᠡᠨ ᠢᠳᠠᠬᠦ ᠵᠠᠩ ᠲᠠᠢ ᠲᠠᠮᠡᠭᠡ᠃

ᠤᠷᠤᠭ᠎ᠠ ᠲᠠᠮᠡᠭᠡ᠄ ᠠᠮᠠᠷᠬᠠᠨ ᠪᠠᠷᠢᠭᠳᠠᠬᠤ ᠦᠭᠡᠢ ᠪᠤᠷᠤᠭᠤᠯᠠᠨ ᠲᠤᠳᠠᠭᠠᠬᠤ ᠵᠠᠩ ᠲᠠᠢ ᠲᠠᠮᠡᠭᠡ᠃

ᠪᠦᠳᠤᠷᠢᠳᠡᠭ ᠲᠠᠮᠡᠭᠡ᠄ ᠶᠠᠪᠤᠳᠠᠯ ᠲᠤᠮᠳᠠ ᠪᠠᠨ ᠦᠷᠬᠦᠯᠵᠢ ᠪᠦᠳᠦᠷᠢᠵᠦ ᠪᠤᠳᠤᠯᠢᠳᠠᠭ ᠲᠠᠮᠡᠭᠡ᠃

ᠵᠤᠵᠢᠭ ᠲᠠᠮᠡᠭᠡ᠄ ᠢᠵᠢᠯᠢ ᠰᠦᠷᠥᠭ ᠢᠶᠠᠨ ᠲᠠᠭᠠᠬᠤ ᠦᠭᠡᠢ ᠢᠮᠠᠭᠳᠠ ᠰᠠᠯᠤᠩᠬᠢᠳᠠ ᠭᠠᠭᠴᠠᠭᠠᠷ ᠶᠠᠪᠤᠬᠤ ᠵᠠᠩ ᠲᠠᠢ ᠲᠠᠮᠡᠭᠡ᠃

ᠭᠤᠯᠤᠩᠬᠠᠢ ᠲᠠᠮᠡᠭᠡ᠄ ᠤᠰᠤ ᠤᠤᠭᠤᠬᠤ ᠳᠠᠭᠠᠨ ᠦᠷᠬᠦᠯᠵᠢ ᠰᠢᠯᠢᠵᠤ ᠰᠤᠩᠭᠤᠭᠠᠤᠨ ᠠᠮᠰᠠᠵᠤ ᠲᠠᠮᠰᠢᠶᠠᠯᠠᠬᠤ ᠵᠠᠩ ᠲᠠᠢ ᠲᠠᠮᠡᠭᠡ᠃

ᠭᠤᠯᠤᠳᠠᠭ ᠢᠡᠭᠭᠡ᠄ ᠪᠤᠳᠤᠭᠤ ᠪᠠᠨ ᠡᠨᠡᠷᠢᠵᠦ ᠬᠦᠬᠦᠬᠦᠯᠬᠦ ᠦᠭᠡᠢ ᠵᠠᠶᠢᠯᠠᠵᠤ ᠶᠠᠪᠤᠬᠤ ᠵᠠᠩ ᠲᠠᠢ ᠲᠠᠮᠡᠭᠡ᠃

ᠰᠢᠯᠢᠷᠠᠳᠡᠭ ᠢᠡᠭᠭᠡ᠄ ᠢᠵᠢᠯᠢ ᠰᠦᠷᠥᠭ ᠪᠠ ᠪᠠᠶᠢᠷᠢ ᠪᠠᠯᠴᠢᠭᠡᠷ ᠠᠴᠠ ᠪᠠᠨ ᠰᠠᠯᠵᠤ ᠬᠦᠮᠤᠨ ᠠᠮᠢᠳᠠᠨ ᠦᠭᠡᠢ ᠬᠤᠯᠨ ᠭᠠᠵᠠᠷ ᠢ ᠬᠠᠶᠢᠨ ᠤᠴᠢᠵᠤ ᠪᠤᠳᠤᠭᠤᠯᠠᠬᠤ ᠵᠠᠩ ᠲᠠᠢ ᠲᠠᠮᠡᠭᠡ᠃

ᠡᠷᠭᠡ ᠲᠠᠮᠡᠭᠡ᠄ ᠬᠦᠮᠤᠨ ᠳᠤ ᠡᠷᠭᠡᠯᠠᠬᠦ ᠪᠤᠶᠤ ᠬᠦᠮᠤᠨ ᠲᠠᠭᠠᠬᠤ ᠵᠠᠩ ᠲᠠᠢ ᠲᠠᠮᠡᠭᠡ᠃

ᠲᠤᠭᠤᠢ ᠲᠠᠮᠡᠭᠡ᠄ ᠤᠨᠤᠵᠤ ᠡᠳ᠋ᠯᠠᠬᠦ ᠳᠤ ᠤᠷᠢᠯᠠᠵᠤ ᠪᠠᠷᠬᠢᠷᠠᠬᠤ ᠵᠠᠩ ᠦᠭᠡᠢ ᠲᠠᠮᠡᠭᠡ᠃

ᠭᠤᠨᠭ᠍ᠬᠢᠨᠠᠳᠠᠭ ᠲᠠᠮᠡᠭᠡ᠄ ᠢᠵᠢᠯᠢ ᠠᠴᠠ ᠪᠠᠨ ᠰᠠᠯᠬᠤ ᠪᠤᠶᠤ ᠨᠤᠳᠤᠭ ᠤᠰᠤ᠂ ᠪᠠᠶᠢᠷᠢ ᠪᠠᠯᠴᠢᠭᠡᠷ ᠠᠴᠠ ᠪᠠᠨ ᠰᠠᠯᠵᠤ ᠭᠠᠭᠴᠠᠭᠠᠷᠳᠠᠬᠤ ᠦᠶ᠎ᠠ ᠳᠡᠭᠡᠨ ᠬᠠᠮᠠᠷ ᠢᠶᠠᠷ ᠢᠶᠠᠨ ᠭᠤᠨᠭ᠍ᠰᠢᠨ ᠪᠤᠶᠢᠯᠠᠬᠤ ᠵᠠᠩ ᠲᠠᠢ ᠲᠠᠮᠡᠭᠡ᠃

ᠪᠤᠶᠢᠯᠠᠳᠠᠭ ᠲᠠᠮᠡᠭᠡ᠄ ᠢᠵᠢᠯᠢ ᠰᠦᠷᠥᠭ᠂ ᠪᠠᠯᠴᠢᠭᠡᠷ ᠤᠰᠤ ᠠᠴᠠ ᠪᠠᠨ ᠰᠠᠯᠬᠤ ᠪᠤᠶᠤ ᠭᠠᠭᠴᠠᠭᠠᠷᠳᠠᠬᠤ ᠦᠶ᠎ᠠ ᠳᠡᠭᠡᠨ ᠪᠤᠶᠢᠯᠠᠬᠤ ᠵᠠᠩ ᠲᠠᠢ ᠲᠠᠮᠡᠭᠡ᠃

ᠬᠦᠷᠬᠢᠷᠠᠳᠡᠭ ᠲᠠᠮᠡᠭᠡ᠄ ᠬᠦᠮᠤᠨ ᠠᠮᠢᠳᠠᠨ ᠪᠠᠶ᠎ᠠ ᠳᠤᠨᠢ ᠤᠶᠢᠷᠠᠳᠤᠬᠤ ᠪᠤᠶᠤ ᠪᠠᠷᠢᠵᠤ ᠲᠠᠯᠪᠢᠬᠤ᠂ ᠣᠨᠤᠵᠤ ᠡᠳ᠋ᠯᠠᠬᠦ ᠳᠤ ᠬᠠᠮᠠᠷ ᠢᠶᠠᠷ ᠢᠶᠠᠨ ᠬᠦᠷᠴᠢᠬᠢᠨᠠᠨ ᠲᠤᠤᠭᠠᠷᠬᠤ ᠲᠤᠭᠰᠢᠨ ᠵᠠᠩ ᠲᠠᠢ ᠲᠠᠮᠡᠭᠡ᠃

ᠲᠦᠡᠭᠬᠢᠨᠠᠳᠡᠭ ᠲᠠᠮᠡᠭᠡ᠄ ᠬᠦᠷᠬᠢᠷᠠᠬᠦ ᠠᠴᠠ ᠪᠠᠭ᠋ᠠᠨ ᠪᠦᠳᠤᠬᠦᠨ ᠲᠠᠭᠤ ᠲᠠᠢ ᠲᠠᠮᠡᠭᠡ᠃

ᠪᠠᠷᠬᠢᠷᠠᠭ᠎ᠠ ᠲᠠᠮᠡᠭᠡ᠄ ᠪᠠᠷᠢᠵᠤ ᠤᠷᠤᠯᠳᠤᠬᠤ ᠪᠤᠶᠤ ᠤᠨᠤᠵᠤ ᠡᠳ᠋ᠯᠠᠬᠦ ᠳᠤ ᠶᠡᠭᠡ ᠲᠠᠭᠤ ᠪᠠᠷ ᠤᠷᠢᠯᠠᠵᠤ ᠪᠠᠷᠬᠢᠷᠠᠬᠤ ᠵᠠᠩ ᠲᠠᠢ ᠲᠠᠮᠡᠭᠡ᠃ ᠪᠠᠰᠠ ᠤᠷᠢᠯᠠᠭ᠎ᠠ ᠲᠠᠮᠡᠭᠡ ᠭᠡᠳᠡᠭ᠃

ᠶᠠᠩᠭᠤᠴᠢ ᠲᠠᠮᠡᠭᠡ᠄ ᠪᠠᠷᠢᠵᠤ ᠤᠷᠤᠯᠳᠤᠬᠤ᠂ ᠤᠨᠤᠵᠤ ᠡᠳ᠋ᠯᠠᠬᠦ ᠳᠤ ᠦᠷᠬᠦᠯᠵᠢ ᠵᠤᠪᠠᠭᠤᠷᠢ ᠲᠠᠢ ᠶᠠᠩᠵᠤ ᠪᠠᠷ ᠲᠤᠤᠭᠠᠷᠬᠤ ᠵᠠᠩ ᠲᠠᠢ ᠲᠠᠮᠡᠭᠡ᠃

ᠰᠠᠬᠠᠷᠠᠳᠠᠭ ᠲᠠᠮᠡᠭᠡ᠄ ᠪᠠᠷᠢᠵᠤ ᠤᠷᠤᠯᠳᠤᠬᠤ ᠪᠤᠶᠤ ᠤᠨᠤᠵᠤ ᠡᠳ᠋ᠯᠡᠬᠦ ᠳᠤ ᠠᠮᠠᠨ ᠠᠴᠠ ᠪᠠᠨ ᠬᠦᠭᠡᠰᠦ ᠰᠠᠬᠠᠷᠠᠭᠤᠯᠳᠠᠭ ᠵᠠᠩ ᠲᠠᠢ ᠲᠠᠮᠡᠭᠡ᠃

ᠰᠠᠪᠠᠰᠤᠯᠠᠳᠡᠭ ᠲᠠᠮᠡᠭᠡ᠄ ᠪᠠᠷᠢᠵᠤ ᠲᠠᠯᠪᠢᠬᠤ᠂ ᠤᠶᠢᠷᠠᠳᠤᠵᠤ ᠤᠷᠤᠯᠳᠤᠬᠤ ᠳᠤ ᠰᠠᠪᠠᠰᠤ ᠭᠤᠯᠬᠢᠳᠠᠰᠤ ᠪᠠᠨ ᠬᠦᠮᠤᠨ ᠤ ᠦᠭᠡᠳᠠ ᠲᠤᠷᠬᠢᠬᠤ ᠵᠠᠩ ᠲᠠᠢ ᠲᠠᠮᠡᠭᠡ᠃

ᠪᠦᠭᠡᠯᠵᠢᠳᠡᠭ ᠲᠠᠮᠡᠭᠡ᠄ ᠰᠠᠪᠠᠰᠤ ᠪᠠᠨ ᠲᠤᠷᠬᠢᠬᠤ ᠲᠠᠳᠤᠢ ᠪᠢᠰᠢ᠂ ᠬᠠᠷᠢᠨ ᠪᠦᠭᠡᠮ ᠪᠦᠭᠡᠮ ᠢᠶᠠᠷ ᠪᠦᠭᠡᠯᠵᠢᠨ ᠭᠠᠷᠭᠠᠬᠤ ᠵᠠᠩ ᠲᠠᠢ ᠲᠠᠮᠡᠭᠡ᠃

ᠶᠠᠷᠳᠠᠭ ᠲᠠᠮᠡᠭᠡ᠄ ᠪᠠᠷᠢᠵᠤ ᠲᠠᠯᠪᠢᠬᠤ᠂ ᠤᠶᠢᠷᠠᠳᠤᠵᠤ ᠤᠷᠤᠯᠳᠤᠬᠤ ᠳᠤ ᠪᠠᠷᠬᠢᠷᠠᠬᠤ᠂ ᠰᠠᠪᠠᠰᠤᠯᠠᠬᠦ ᠵᠠᠷᠭᠡ ᠶᠢᠨ ᠭᠡᠳᠠᠷ ᠮᠠᠭᠤ ᠵᠠᠩ ᠭᠠᠷᠭᠠᠳᠠᠭ ᠲᠠᠮᠡᠭᠡ᠃

ᠬᠠᠷᠢᠭ︵ᠲᠡᠷᠬᠡᠢ︶ᠲᠠᠮᠡᠭᠡ᠄ ᠲᠤᠯᠤᠭᠠᠢ ᠬᠠᠮᠠᠷ ᠲᠠᠭᠠᠨ ᠤᠶᠢᠷᠠᠳᠤᠭᠤᠯᠵᠤ ᠤᠷᠤᠯᠳᠤᠭᠤᠯᠬᠤ ᠲᠤᠷ᠎ᠠ ᠦᠭᠡᠢ ᠭᠡᠳᠠᠷ ᠲᠤᠭᠰᠢᠨ ᠵᠠᠩ ᠲᠠᠢ ᠲᠠᠮᠡᠭᠡ᠃

ᠬᠠᠳᠠᠭᠤ ᠬᠠᠮᠠᠷᠳᠤ᠄ ᠪᠤᠷᠠᠠᠳᠠᠭ ᠠᠴᠠ ᠨᠢ ᠬᠦᠳᠤᠯᠵᠤ ᠵᠠᠯᠠᠬᠤ ᠳᠤ ᠬᠦᠰᠢᠬᠦᠨ ᠪᠠᠶᠢᠳᠠᠭ ᠲᠠᠮᠡᠭᠡ᠃

ᠵᠦᠭᠡᠯᠠᠨ ᠬᠠᠮᠠᠷᠳᠤ᠄ ᠪᠤᠷᠠᠨᠲᠠᠭ ᠠᠴᠠ ᠨᠢ ᠬᠦᠳᠤᠯᠵᠤ ᠵᠠᠯᠠᠬᠤ ᠳᠤ ᠤᠶᠠᠨ ᠵᠦᠭᠡᠯᠡᠨ ᠪᠠᠶᠢᠳᠠᠭ ᠲᠠᠮᠡᠭᠡ᠃

ᠬᠠᠮᠠᠷ ᠢᠶᠠᠨ ᠠᠪᠳᠠᠭ ᠲᠠᠮᠡᠭᠡ᠄ ᠤᠨᠤᠵᠤ ᠶᠠᠪᠤᠬᠤ ᠳᠤ ᠭᠡᠵᠢᠶᠠᠳᠠ ᠬᠠᠮᠠᠷ ᠢᠶᠠᠨ ᠪᠤᠯᠢᠶᠠᠯᠳᠤᠵᠤ ᠶᠠᠪᠤᠳᠠᠭ ᠵᠠᠩ ᠲᠠᠢ ᠪᠤᠶᠤ ᠵᠠᠯᠠᠭᠰᠠᠨ ᠵᠦᠭ ᠲᠤ ᠶᠠᠪᠤᠬᠤ ᠦᠭᠡᠢ ᠵᠦᠷᠢᠬᠦᠤᠨ ᠵᠠᠩ ᠲᠠᠢ ᠲᠠᠮᠡᠭᠡ᠃

ᠬᠤᠯᠠᠴᠢ ᠲᠠᠮᠡᠭᠡ᠄ ᠬᠤᠯᠨ ᠵᠠᠮ ᠳᠤ ᠪᠤᠶᠤ ᠤᠳᠠᠭᠠᠨ ᠤᠨᠤᠵᠤ ᠡᠳ᠋ᠯᠠᠬᠦ ᠳᠤ ᠴᠢᠳᠠᠯ ᠬᠦᠴᠤ ᠰᠠᠶᠢᠳᠠᠢ᠂ ᠶᠠᠪᠤᠳᠠᠯ ᠢᠶᠠᠷ ᠰᠠᠶᠢᠨ ᠲᠠᠮᠡᠭᠡ᠃

ᠵᠠᠮᠴᠢ ᠲᠠᠮᠡᠭᠡ᠄ ᠡᠳᠦᠷ ᠰᠦᠨᠢ ᠬᠡᠵᠢᠶ᠎ᠡ ᠴᠦ ᠬᠤᠯᠠ ᠤᠶᠢᠷ᠎ᠠ ᠶᠢᠨ ᠵᠠᠮ ᠠᠯᠳᠠᠯ ᠦᠭᠡᠢ ᠦᠪᠡᠷ ᠤᠨ ᠬᠤᠲᠠ ᠤᠰᠤ ᠪᠤᠶᠤ ᠠᠶᠢᠯ ᠬᠤᠲᠠ ᠶᠢ ᠤᠯᠵᠤ ᠴᠢᠳᠠᠳᠠᠭ ᠲᠡᠮᠡᠭᠡ᠃

ᠲᠦᠷᠤᠬᠦᠴᠢ ᠲᠠᠮᠡᠭᠡ᠄ ᠢᠵᠢᠯᠢ ᠰᠦᠷᠥᠭ ᠢᠶᠠᠨ ᠲᠠᠭᠠᠭᠤᠯᠵᠤ ᠶᠠᠪᠤᠳᠠᠭ ᠲᠠᠮᠡᠭᠡ᠃

ᠰᠠᠬᠦᠯᠴᠢ ᠲᠠᠮᠡᠭᠡ᠄ ᠢᠵᠢᠯᠢ ᠰᠦᠷᠥᠭ ᠠᠴᠠ ᠪᠠᠨ ᠭᠡᠵᠢᠶᠠᠳᠠ ᠬᠤᠴᠤᠷᠴᠤ ᠶᠠᠪᠤᠳᠠᠭ ᠲᠠᠮᠡᠭᠡ᠃

ᠬᠤᠳᠠᠴᠢ ᠲᠠᠮᠡᠭᠡ᠄ ᠦᠷᠬᠦᠯᠵᠢ ᠬᠤᠳᠠᠨ ᠳᠠᠭᠠᠨ ᠢᠷᠠᠵᠤ ᠬᠤᠨᠤᠳᠠᠭ ᠪᠤᠶᠤ ᠠᠶᠢᠯ ᠬᠤᠳᠠᠨ ᠳᠠᠭᠠᠨ ᠢᠪᠡᠭᠡᠯ ᠲᠠᠢ ᠲᠠᠮᠡᠭᠡ᠃

ᠬᠡᠯᠡᠴᠢ ᠲᠠᠮᠡᠭᠡ᠄ ᠬᠤᠯᠨ ᠠᠶᠠᠯᠠᠭᠠᠤᠨ ᠬᠦᠵᠤᠬᠦᠤ᠂ ᠪᠦᠬᠦ ᠳᠤᠨᠢ ᠵᠠᠬᠢᠳᠠᠯ ᠴᠢᠮᠡᠭᠡ᠂ ᠡᠮ ᠲᠠᠩ᠂ ᠡᠳ᠋ᠯᠠᠯ ᠭᠡᠷᠡᠭᠰᠠᠯ ᠵᠠᠷᠭᠡ ᠶᠢᠨ ᠶᠠᠭᠤᠮ᠎ᠠ ᠵᠠᠬᠦᠯᠭᠡᠬᠦ ᠪᠤᠶᠤ ᠠᠴᠢᠵᠤ ᠲᠠᠯᠪᠢᠪᠠᠯ ᠭᠡᠷ ᠬᠤᠳᠠᠨ ᠳᠠᠭᠠᠨ ᠬᠠᠷᠢᠵᠤ ᠢᠷᠠᠳᠡᠭ ᠲᠠᠮᠡᠭᠡ ᠃

ᠤᠰᠤᠴᠢ ᠲᠠᠮᠡᠭᠡ᠄ ᠬᠤᠤᠠᠳᠤᠭ ᠤᠰᠤᠨ ᠠᠴᠠ ᠪᠠᠨ ᠰᠠᠯᠳᠠᠭ ᠦᠭᠡᠢ᠂ ᠭᠡᠵᠢᠶᠠᠳᠠ ᠬᠤᠤᠠᠳᠤᠭ ᠤᠰᠤᠨ ᠳᠠᠭᠠᠨ ᠢᠷᠠᠵᠤ ᠪᠠᠶᠢᠳᠠᠭ ᠪᠤᠶᠤ ᠤᠰᠤ ᠬᠤᠪᠤᠷ ᠭᠠᠵᠠᠷ ᠠᠴᠠ ᠬᠤᠤᠠᠳᠤᠭ ᠤᠰᠤ ᠤᠯᠬᠤ ᠳᠠᠭᠠᠨ ᠴᠢᠳᠠᠮᠠᠭᠠᠢ ᠲᠠᠮᠡᠭᠡ᠃

ᠪᠠᠶᠢᠷᠢᠴᠢ ᠲᠠᠮᠡᠭᠡ᠄ ᠭᠡᠵᠢᠶᠠᠳᠠ ᠪᠠᠶᠢᠷᠢᠨ ᠠᠴᠠ ᠪᠠᠨ ᠰᠠᠯᠳᠠᠭ ᠦᠭᠡᠢ ᠪᠤᠶᠤ ᠭᠡᠳᠤᠢ ᠬᠤᠯᠨ ᠠᠪᠠᠴᠢᠵᠤ ᠲᠠᠯᠪᠢᠭᠰᠠᠨ ᠴᠤ ᠪᠠᠶᠢᠷᠢᠨ ᠳᠠᠭᠠᠨ ᠪᠤᠴᠠᠵᠤ ᠢᠷᠠᠳᠡᠭ ᠲᠠᠮᠡᠭᠡ᠃

ᠬᠦᠯᠪᠠᠷᠢᠳᠡᠭ ᠲᠠᠮᠡᠭᠡ᠄ ᠤᠨᠤᠭᠰᠠᠨ ᠬᠦᠮᠤᠨ ᠪᠤᠶᠤ ᠠᠴᠢᠶ᠎ᠠ ᠪᠠᠨ ᠬᠦᠯᠪᠠᠷᠢᠵᠤ ᠤᠨᠠᠭᠠᠬᠤ ᠵᠠᠩ ᠲᠠᠢ ᠲᠠᠮᠡᠭᠡ᠃

ᠨᠦᠷᠢᠳᠡᠭ ᠲᠠᠮᠡᠭᠡ᠄ ᠲᠠᠮᠡᠭᠡ ᠪᠤᠶᠤ ᠠᠴᠢᠶ᠎ᠠ ᠰᠦᠷᠤ ᠦᠵᠡᠭᠰᠡᠭᠡᠷ ᠤᠴᠢᠵᠤ ᠨᠦᠷᠢᠵᠤ ᠲᠦᠯᠬᠢᠯᠠᠬᠦ ᠵᠠᠩ ᠲᠠᠢ ᠲᠠᠮᠡᠭᠡ᠃

ᠱᠦᠷᠬᠦᠭᠡᠳᠡᠭ ᠲᠠᠮᠡᠭᠡ᠄ ᠭᠡᠷ ᠲᠠᠷᠭᠡ᠂ ᠠᠴᠢᠶ᠎ᠠ ᠰᠦᠷᠤ ᠦᠵᠡᠭᠰᠡᠭᠡᠷ ᠤᠴᠢᠵᠤ ᠱᠦᠷᠭᠦᠬᠦ ᠵᠠᠩ ᠲᠠᠢ ᠲᠠᠮᠡᠭᠡ᠃

ᠰᠠᠪᠢᠳᠠᠭ ᠲᠠᠮᠡᠭᠡ᠄ ᠰᠢᠭᠡᠬᠦ ᠳᠡᠭᠡᠨ ᠪᠤᠤᠷ᠎ᠠ ᠠᠳᠠᠯᠢ ᠰᠠᠪᠢᠬᠤ ᠮᠠᠶ᠋ᠢᠭ ᠭᠠᠷᠭᠠᠳᠠᠭ ᠲᠠᠮᠡᠭᠡ᠃

ᠬᠡᠷᠡᠳᠡᠭ ᠲᠠᠮᠡᠭᠡ᠄ ᠪᠤᠰᠤᠤᠨ ᠲᠡᠮᠡᠭᠡᠨ ᠤ ᠤᠷᠢᠳᠠᠭᠤᠷ ᠲᠤᠰᠴᠤ ᠬᠡᠷᠡᠬᠦ ᠵᠠᠩ ᠲᠠᠢ ᠲᠠᠮᠡᠭᠡ᠃

ᠬᠢᠮᠤᠰᠤ ᠪᠠᠨ ᠴᠢᠷᠳᠡᠭ ᠲᠠᠮᠡᠭᠡ᠄ ᠬᠤᠶᠠᠷ ᠬᠢᠮᠤᠰᠤ ᠪᠠᠨ ᠭᠠᠵᠠᠷ ᠴᠢᠷᠴᠤ ᠮᠦᠷ ᠭᠠᠷᠭᠠᠵᠤ ᠶᠠᠪᠤᠳᠠᠭ ᠲᠠᠮᠡᠭᠡ᠃

 

 


   :                    
   :           
备案序号:蒙ICP备05003250号 公安备案15010502000173