ᠵᠤᠬᠢᠶᠠᠭᠴᠢ: ᠴᠠᠭ:2024-07-12 ᠥᠵᠡᠭᠰᠡᠨ : ᠢᠷᠡᠯᠲᠡ:  ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠤᠷᠳᠤᠨ  
ᠮᠤᠩᠭᠤᠯᠴᠤᠳ ᠤᠨ ᠠᠷᠢᠬᠢᠨ ᠤ ᠳᠤᠬᠠᠢ ᠰᠤᠶᠤᠯ

 

ᠮᠣᠩᠭᠤᠯ ᠦᠨᠳᠦᠰᠦᠳᠡᠨ ᠬᠡᠳᠦ᠋ᠢᠪᠡᠷ ᠠᠷᠢᠬᠢ ᠶᠢ ᠢᠳᠡᠬᠡᠨ ᠤᠮᠳᠠᠭᠠᠨ ᠤ ᠳᠡᠬᠡᠵᠢ ᠪᠠᠷ ᠦᠵᠡᠳᠡᠭ ᠪᠤᠯᠪᠠᠴᠤ᠂ ᠳᠡᠬᠦᠨ ᠢ ᠨᠠᠰᠤ ᠵᠢᠯ ᠢᠯᠭᠠᠯ ᠦᠬᠡᠢ ᠪᠠᠷ ᠳᠤᠷ᠎ᠠ ᠪᠠᠷ ᠡᠳ᠋ᠯᠡᠬᠦ ᠪᠡ ᠳᠤᠷ᠎ᠡ ᠪᠠᠷ ᠤᠤᠭᠤᠬᠤ ᠶᠢ ᠡᠷᠬᠢᠮᠯᠡᠳᠡᠭ ᠦᠬᠡᠢ ᠶᠤᠮ᠃ ᠮᠤᠩᠭᠤᠯ ᠦᠨᠳᠦᠰᠦᠳᠡᠨ ᠤᠷᠳᠤ ᠬᠤᠭᠤᠴᠠᠭᠠᠨ ᠤ ᠠᠮᠢᠳᠤᠷᠠᠯ ᠦᠢᠯᠡᠳᠦᠯᠬᠡ ᠶᠢᠨ ᠶᠠᠪᠤᠴᠠ ᠳᠤ ᠪᠠᠨ ᠠᠷᠢᠬᠢ ᠤᠤᠭᠤᠬᠤ ᠨᠠᠰᠤ ᠵᠢᠯ᠂ ᠠᠷᠢᠬᠢ ᠪᠠᠷᠢᠬᠤ᠂ ᠠᠷᠢᠬᠢ ᠡᠷᠬᠦᠬᠦ᠂ ᠠᠶ᠎ᠠ ᠳᠠᠭᠤᠤ ᠪᠠᠷᠢᠬᠤ ᠵᠡᠷᠬᠡ ᠳᠠᠯ᠎ᠠ ᠪᠠᠷ ᠴᠥᠮ ᠪᠤᠳᠠᠳᠠᠢ ᠪᠦᠬᠡᠳ ᠳᠤᠬᠳᠠᠮᠠᠯ ᠪᠠᠷᠢᠮᠵᠢᠶ᠎ᠠ ᠪᠤᠯᠤᠨ ᠳᠤᠳᠤᠷᠬᠠᠢ ᠶᠤᠰᠤ ᠴᠡᠭᠡᠷ ᠢ ᠳᠤᠬᠳᠠᠭᠠᠵᠦ᠂ ᠮᠤᠩᠭᠤᠯ ᠦᠨᠳᠦᠰᠦᠳᠡᠨ ᠤ ᠦᠪᠡᠷᠮᠢᠴᠡ ᠠᠷᠢᠬᠢᠨ ᠰᠣᠶᠣᠯ ᠢ ᠡᠬᠦᠳᠴᠡᠢ᠃

ᠨᠢᠬᠡ᠂ ᠠᠷᠢᠬᠢ ᠤᠤᠭᠤᠬᠤ ᠨᠠᠰᠤ ᠵᠢᠯ  ᠳᠠᠷᠤᠢ ᠰᠢᠷᠡᠬᠡᠨ ᠳᠤ ᠰᠠᠭᠤᠵᠦ ᠠᠷᠢᠬᠢ ᠤᠤᠭᠤᠬᠤ ᠨᠠᠰᠤ ᠵᠢᠯ ᠢ ᠬᠡᠯᠡᠵᠦ ᠪᠤᠢ᠃ ᠡᠷᠡᠭᠳᠡᠢ ᠬᠦᠮᠦᠨ ᠭᠤᠴᠢᠨ ᠳᠤᠯᠤᠭ᠎ᠠ ᠬᠦᠷᠦᠭᠰᠡᠨ ᠤ ᠳᠠᠷᠠᠭ᠎ᠠ᠂ ᠳᠤᠬᠠᠢᠢᠯᠠᠪᠠᠯ ᠭᠤᠷᠪᠠᠳᠡᠬᠢ ᠵᠢᠯ ᠤᠷᠤᠬᠰᠠᠨ ᠤ ᠳᠠᠷᠠᠭ᠎ᠠ︵ᠵᠠᠷᠢᠮ ᠭᠠᠵᠠᠷ ᠲᠤ ᠬᠤᠷᠢᠨ ᠳᠠᠪᠤ ᠬᠦᠷᠦᠭᠰᠡᠨ ᠤ ᠳᠠᠷᠠᠭ᠎ᠠ᠂ ᠳᠤᠬᠠᠢᠢᠯᠠᠪᠠᠯ ᠬᠤᠶᠠᠳᠡᠬᠢ ᠵᠢᠯ ᠤᠷᠤᠬᠰᠠᠨ ᠤ ᠳᠠᠷᠠᠭ᠎ᠠ︶《ᠡᠷ᠎ᠡ ᠶᠢᠨ ᠴᠡᠬᠡᠯ ᠳᠤ ᠬᠦᠷᠴᠦ᠂ ᠬᠦᠴᠦ ᠴᠢᠳᠠᠯ ᠪᠦᠷᠢᠳᠴᠦ᠂ ᠲᠣᠮᠣᠴᠤᠤᠯ ᠤᠨ ᠡᠩᠨᠡᠬᠡᠨ ᠳᠤ ᠤᠷᠤᠬᠰᠠᠨ》 ᠢᠶᠠᠷ ᠦᠵᠡᠵᠦ᠂ 《ᠨᠤᠶᠠᠨ ᠰᠠᠭᠤᠬᠤ᠂ ᠳᠦᠷᠦᠬᠦᠦ ᠬᠤᠳᠠ ᠶᠠᠪᠤᠬᠤ᠂ ᠰᠢᠬᠦᠰᠦ ᠶᠢ ᠳᠠᠪᠠ ᠪᠠᠷ ᠢᠶᠠᠨ ᠢᠳᠡᠬᠦ᠂ ᠠᠷᠢᠬᠢᠨ ᠤ ᠳᠡᠬᠡᠵᠢ ᠶᠢ ᠠᠮᠰᠠᠬᠤ ᠵᠡᠷᠬᠡ ᠬᠢᠷᠢ ᠬᠡᠮ ᠲᠠᠢ》ᠪᠤᠯᠳᠠᠬ ᠪᠦᠬᠡᠳ ᠠᠷᠢᠬᠢ ᠬᠠᠶᠢᠷᠠᠯᠠᠵᠦ ᠪᠤᠯᠬᠤ ᠪᠤᠯᠤᠭᠠᠳ  ᠰᠢᠷᠡᠬᠡᠨ ᠳᠤ ᠰᠠᠭᠤᠨ ᠠᠷᠢᠬᠢ ᠤᠤᠭᠤᠵᠤ ᠪᠤᠯᠳᠠᠬ ᠶᠤᠮ᠃ ᠭᠤᠴᠢᠨ ᠳᠣᠯᠤᠭ᠎ᠠ ᠬᠦᠷᠬᠦ ᠠᠴᠠ ᠡᠮᠦᠨ᠎ᠡ ᠠᠷᠢᠬᠢᠨ ᠳᠤ ᠰᠢᠨᠤᠬᠤ ᠨᠢ ᠶᠤᠰᠤ ᠮᠤᠷᠠᠯ ᠦᠬᠡᠢ ᠬᠦᠮᠦᠨ ᠳᠤ ᠳᠤᠭᠠᠴᠠᠬᠳᠠᠵᠦ᠂ ᠬᠦᠮᠦᠰ ᠲᠤ ᠵᠢᠭᠰᠢᠭᠳᠡᠵᠦ᠂ ᠨᠡᠶᠢᠬᠡᠮ ᠳᠤ ᠭᠤᠯᠤᠬᠳᠠᠬᠤ ᠶᠤᠮ᠃

ᠬᠤᠶᠠᠷ᠂ ᠠᠷᠢᠬᠢ ᠪᠠᠷᠢᠬᠤ ᠶᠤᠰᠤ   ᠠᠷᠢᠬᠢ ᠪᠠᠷᠢᠬᠤ ᠨᠢ ᠮᠤᠩᠭᠤᠯ ᠦᠨᠳᠦᠰᠦᠳᠡᠨ ᠤ ᠨᠠᠶᠢᠷ ᠢᠶᠠᠨ ᠰᠠᠶᠢᠬᠠᠨ ᠶᠠᠪᠤᠬᠳᠠᠭᠤᠯᠵᠦ᠂ ᠳᠠᠶᠢᠯᠠᠯᠭ᠎ᠠ ᠪᠠᠨ ᠬᠦᠭᠵᠢᠬᠡᠵᠦ᠂ ᠬᠦᠮᠦᠨ ᠵᠠᠭᠤᠷ᠎ᠡ ᠶᠢᠨ ᠬᠠᠷᠢᠯᠴᠠᠭ᠎ᠠ ᠪᠠᠨ ᠪᠠᠬᠢᠵᠢᠬᠦᠯᠬᠦ ᠳᠤ ᠪᠠᠶᠢᠩᠭᠤ ᠬᠡᠷᠡᠭᠯᠡᠳᠡᠭ ᠬᠦᠨᠳᠦᠯᠡᠬᠦ ᠶᠤᠰᠤᠨ ᠮᠦᠨ᠃ ᠠᠷᠢᠬᠢ ᠪᠠᠷᠢᠬᠤ ᠶᠣᠰᠣ ᠨᠢ ᠴᠡᠭᠡ ᠪᠠᠷᠢᠬᠤ ᠠᠴᠠ ᠡᠬᠢᠯᠡᠳᠡᠭ᠃ ᠮᠤᠩᠭᠤᠯ ᠦᠨᠳᠦᠰᠦᠳᠡᠨ ᠤ 《ᠨᠠ‍ᠢᠮᠠᠨ ᠡᠷᠬᠢᠮᠰᠦᠭ ᠢᠳᠡᠬᠡᠨ》 ᠳᠡᠬᠢ 《ᠬᠠᠰ ᠴᠠᠭᠠᠨ ᠡᠬᠡᠳᠡᠩ》ᠬᠡᠳᠡᠭ ᠨᠢ ᠳᠠᠷᠤᠢ ᠴᠡᠭᠡ ᠶᠢ ᠬᠡᠯᠡᠵᠦ ᠪᠤᠢ᠃ ᠳᠡᠶᠢᠮᠦ ᠠᠴᠠ ᠲᠡᠭᠦᠨ ᠢ ᠸᠠᠩ ᠬᠦᠩ ᠢᠵᠠᠭᠤᠷᠳᠠᠨ ᠤ ᠳᠠᠶᠢᠯᠠᠯᠭ᠎ᠠ ᠶᠢᠨ ᠡᠳ᠋ ᠢᠶᠠᠷ ᠦᠵᠡᠵᠦ᠂ ᠠᠯᠤᠰ ᠬᠤᠯᠠ ᠳᠠᠬᠢ ᠬᠦᠬᠡᠮᠦ᠋ᠷᠡᠨ᠂ ᠠᠭᠤᠯᠠ ᠤᠰᠤ᠂ ᠰᠦᠯᠳᠡ ᠶᠢᠨ ᠲᠠᠬᠢᠯᠭ᠎ᠠ᠂ ᠨᠤᠶᠠᠨ ᠰᠠᠭᠤᠵᠦ ᠵᠡᠷᠬᠡ ᠵᠢᠩᠰᠡ ᠦᠰᠬᠦ᠂ ᠬᠡᠬᠡᠨ ᠬᠤᠪᠢᠯᠭᠠᠨ ᠪᠠᠭᠤᠬᠤ᠂ ᠪᠤᠷᠬᠠᠨ ᠱᠠᠰᠢᠨ ᠤ ᠴᠣᠯᠠ ᠬᠠᠶᠢᠷᠠᠯᠠᠬᠤ ᠵᠡᠷᠬᠡ ᠴᠢᠬᠤᠯᠠ ᠶᠡᠭᠡ ᠶᠤᠰᠤᠯᠠᠯ ᠵᠢᠴᠢ ᠳᠠᠶᠢᠯᠠᠯᠭ᠎ᠠ ᠨᠠᠶᠢᠷ ᠬᠢᠬᠦ ᠪᠡ ᠶᠡᠷᠦ ᠶᠢᠨ ᠦᠶ᠎ᠠ ᠳᠤ ᠵᠤᠴᠢᠨ ᠳᠠᠶᠢᠯᠠᠬᠤ ᠳᠤ ᠴᠥᠮ ᠴᠡᠭᠡ ᠶᠢ ᠭᠤᠤᠯ ᠪᠠᠶᠢᠷᠢᠨ ᠳᠤ ᠳᠠᠯᠪᠢᠨ ᠠᠮᠳᠠᠯᠠᠵᠦ ᠵᠤᠭᠤᠬᠳᠠᠳᠠᠬ᠃ ᠨᠠᠶᠢᠷ ᠲᠤ ᠤᠷᠤᠯᠴᠠᠬᠤ ᠬᠦᠮᠦᠰ ᠨᠢ ᠨᠠᠶᠢᠷ ᠤᠨ ᠠᠬᠠᠯᠠᠬᠴᠢ ᠶᠢᠨ ᠵᠦᠪᠰᠢᠶᠡᠷᠡᠯ ᠦᠬᠡᠢ ᠪᠠᠷ ᠳᠤᠷ᠎ᠡ ᠪᠠᠷ ᠢᠶᠠᠨ ᠵᠤᠭᠤᠬ ᠳᠡᠯᠬᠡᠵᠦ᠂ ᠳᠤᠷ᠎ᠡ ᠪᠠᠷ ᠢᠶᠠᠨ ᠤᠷᠤᠵᠦ ᠭᠠᠷᠴᠤ᠂ ᠳᠤᠷ᠎ᠡ ᠪᠠᠷ ᠢᠶᠠᠨ ᠰᠠᠭᠤᠳᠠᠯ ᠢᠶᠠᠨ ᠰᠤᠯᠢᠵᠦ ᠪᠤᠯᠳᠠᠬ ᠦᠬᠡᠢ᠃ ᠳᠡᠷᠡᠴᠢᠯᠡᠨ ᠶᠠᠮᠠᠷ ᠦᠶ᠎ᠠ ᠳᠤ ᠶᠠᠮᠠᠷ ᠳᠠᠭᠤᠤ ᠳᠠᠭᠤᠯᠠᠬᠤ᠂ ᠶᠠᠮᠠᠷ ᠢᠷᠥᠭᠡᠯ ᠤᠨ ᠦᠬᠡ ᠬᠡᠯᠡᠬᠦ︔ ᠶᠠᠮᠠᠷ ᠦᠶ᠎ᠠ ᠳᠤ ᠶᠠᠮᠠᠷ ᠶᠤᠰᠤᠯᠠᠯ ᠬᠢᠬᠦ ᠳᠤ ᠴᠥᠮ ᠳᠤᠬᠳᠠᠬᠰᠠᠨ ᠲᠡᠰ ᠳᠠᠷᠠᠭᠠᠯᠠᠯ ᠪᠠ ᠶᠤᠰᠤ ᠵᠦᠢ ᠲᠠᠢ ᠪᠠᠶᠢᠳᠠᠬ᠃ ᠡᠯ᠎ᠠ ᠭᠠᠵᠠᠷ ᠤᠨ ᠠᠷᠢᠬᠢ ᠪᠠᠷᠢᠬᠤ ᠶᠤᠰᠤ ᠨᠢ ᠬᠡᠳᠦ᠋ᠢᠪᠡᠷ ᠬᠡᠳᠤᠨ ᠬᠤᠨᠳᠠᠭ᠎ᠠ ᠠᠷᠢᠬᠢ ᠪᠠᠷᠢᠬᠤ᠂ ᠠᠷᠢᠬᠢᠨ ᠳᠠᠭᠤᠤ᠂ ᠢᠷᠤᠭᠡᠯ ᠮᠠᠬᠳᠠᠭᠠᠯ ᠤᠨ ᠦᠭᠡ ᠨᠢ ᠵᠠᠷᠢᠮ ᠭᠠᠵᠠᠷ ᠲᠤ ᠪᠠᠨ ᠠᠳᠠᠯᠢ ᠪᠤᠰᠤ ᠪᠠᠶᠢᠵᠤ᠂ ᠵᠤᠷᠢᠯᠭ᠎ᠠ᠂ ᠶᠤᠰᠤᠯᠠᠯ᠂ ᠴᠠᠬ ᠬᠤᠭᠤᠴᠠᠭ᠎ᠠ ᠶᠢᠨ ᠬᠢᠵᠠᠭᠠᠷᠯᠠᠯ ᠨᠢ ᠴᠥᠮ ᠦᠡᠳᠤᠰᠤᠨ ᠳᠤ ᠪᠠᠨ ᠠᠳᠠᠯᠢ ᠪᠠᠶᠢᠳᠠᠬ᠃

ᠭᠤᠷᠪᠡ᠂ ᠭᠤᠷᠪᠠᠨ ᠡᠭᠡᠯᠵᠢ ᠬᠡᠯᠪᠡᠷᠢ ᠶᠢᠨ ᠠᠷᠢᠬᠢ ᠪᠠᠷᠢᠬᠤ ᠶᠤᠰᠤ   ᠡᠨᠡ ᠨᠢ ᠦᠢᠷᠡᠳ ᠤᠨ ᠲᠤᠷᠭᠤᠳ ᠠᠶᠢᠮᠠᠬ ᠤᠭᠰᠠᠭ᠎ᠠ ᠶᠢᠨ ᠬᠤᠶᠢᠴᠢᠰ ᠪᠤᠯᠬᠤ᠂ ᠤᠳᠤᠬᠠᠨ ᠤ ᠠᠯᠠᠱᠨ ᠠᠶᠢᠮᠠᠭ ᠤᠨ ᠡᠵᠡᠨ᠎ᠡ ᠬᠤᠰᠢᠭᠤᠨ ᠤ ᠮᠤᠩᠭᠤᠯ ᠦᠡᠳᠤᠰᠤᠳᠠᠨ ᠤ ᠠᠷᠢᠬᠢ ᠪᠠᠷᠢᠬᠤ ᠶᠤᠰᠤ ᠪᠤᠯᠤᠨ᠎ᠡ᠃ ᠡᠵᠡᠨ᠎ᠡ ᠮᠤᠩᠭᠤᠯ ᠦᠡᠳᠤᠰᠤᠳᠠᠨ ᠤ ᠠᠷᠢᠬᠢ ᠪᠠᠷᠢᠬᠤ ᠬᠦᠮᠤᠨ ᠠᠷᠢᠬᠢᠨ ᠯᠤᠩᠬᠤᠨ ᠤ ᠠᠮᠠᠰᠠᠷ ᠢ ᠨᠡᠭᠡᠭᠡᠭᠰᠡᠨ ᠤ ᠳᠠᠷᠠᠭ᠎ᠠ᠂ ᠠᠷᠢᠬᠢᠨ ᠬᠤᠨᠳᠠᠭ᠎ᠠ ᠳᠣᠲᠣᠷ᠎ᠠ ᠪᠠᠨ ᠭᠡᠳᠤᠨ ᠲᠤᠰᠤᠯ ᠠᠷᠢᠬᠢ ᠲᠤᠰᠠᠭᠠᠵᠤ᠂ ᠪᠠᠷᠠᠭᠤᠨ ᠭᠠᠷ ᠢᠶᠠᠷ ᠢᠶᠠᠨ ᠲᠡᠭᠡᠭᠰᠢ ᠡᠷᠬᠦᠨ ᠨᠠᠷᠠᠨ ᠤ ᠡᠷᠬᠢᠯᠳᠡ ᠶᠢᠨ ᠴᠢᠭᠯᠡᠯ ᠢᠶᠠᠷ ᠲᠤᠯᠤᠭᠠᠢ ᠲᠡᠭᠡᠬᠦᠷ ᠢᠶᠠᠨ ᠡᠷᠬᠢᠬᠦᠯᠵᠤ ᠠᠷᠢᠬᠢ ᠪᠠᠷᠢᠨ᠎ᠡ᠃ ᠭᠡᠷ ᠲᠤᠳᠤᠷ᠎ᠡ ᠰᠠᠭᠤᠵᠤ ᠪᠠᠶᠢᠬᠤ ᠪᠦᠬᠦ ᠬᠦᠮᠤᠰ ᠪᠠᠷᠠᠭᠤᠨ ᠭᠠᠷ ᠢᠶᠠᠨ ᠬᠦᠡᠭᠭᠡᠨ ᠵᠠᠩᠬᠢᠳᠴᠤ ᠤᠬ ᠤᠷᠤᠨ ᠳᠤ ᠪᠠᠨ ᠵᠤᠬᠰᠤᠵᠤ ᠲᠤᠯᠤᠭᠠᠢ ᠲᠡᠭᠡᠬᠦᠷ ᠢᠶᠠᠨ ᠡᠷᠬᠢᠬᠦᠯᠬᠦ ᠶᠢᠨ ᠬᠠᠮᠳᠤ᠂ ᠡᠷᠡᠭᠡᠢ ᠬᠤᠷᠤᠭᠤᠨ ᠤ ᠪᠠᠨ ᠦᠵᠦᠬᠦᠷ ᠢ ᠮᠠᠩᠨᠠᠢ ᠲᠡᠭᠡᠷ᠎ᠡ ᠪᠠᠨ ᠬᠦᠷᠭᠡᠵᠦ ᠶᠤᠰᠤ ᠬᠦᠢᠴᠡᠳᠭᠡᠨ᠎ᠡ᠃ ᠡᠨᠡᠬᠦ ᠬᠢᠳᠡᠯ  ᠢ《ᠠᠷᠢᠬᠢ ᠰᠡᠷᠵᠢᠮᠯᠡᠵᠤ ᠮᠦᠷᠬᠦᠬᠦ》ᠭᠡᠳᠡᠭ ᠃ ᠬᠳᠳᠠᠭᠠᠨ ᠳᠤ ᠪᠠᠨ ᠪᠠᠰᠨ ᠨᠢᠭᠡ ᠪᠠᠭ᠎ᠠ ᠠᠷᠢᠬᠢ ᠲᠤᠰᠤᠯᠭᠠᠵᠤ ᠭᠠᠯ ᠲᠤᠭᠤᠭᠠᠨ ᠳᠤ ᠪᠠᠨ ᠡᠷᠬᠦᠨ᠎ᠡ᠃ ᠭᠤᠷᠪᠠᠳᠤᠭᠠᠷ ᠤᠳᠠᠭ᠎ᠠ ᠨᠢ ᠠᠷᠢᠬᠢ ᠪᠠᠨ ᠭᠡᠮᠨᠠᠵᠤ ᠲᠦᠬᠦᠷᠭᠡᠭᠡᠳ ᠢᠷᠡᠭᠰᠡᠨ ᠵᠤᠴᠢᠳ ᠤᠨ ᠬᠠᠮᠤᠭ ᠤᠨ ᠨᠠᠰᠤ ᠠᠬᠢᠮᠠᠭ ᠠᠴᠠ ᠨᠢ ᠡᠬᠢᠯᠡᠵᠤ ᠠᠷᠢᠬᠢ ᠪᠠᠷᠢᠨ᠎ᠡ᠃ ᠠᠷᠢᠬᠢ ᠲᠠᠢ ᠬᠤᠨᠳᠠᠭ᠎ᠠ ᠶᠢ ᠲᠤᠰ‍ᠬᠤ ᠬᠦᠮᠤᠨ᠂ ᠠᠷᠢᠬᠢᠨ ᠬᠤᠳᠠᠭ᠎ᠠ ᠶᠢ ᠬᠤᠶᠠᠷ ᠭᠠᠷ ᠢᠶᠠᠷ ᠢᠶᠠᠨ ᠲᠣᠰᠴᠤ ᠠᠪᠤᠬᠰᠠᠨ ᠤ ᠲᠠᠷᠠᠭ᠎ᠠ᠂ ᠠᠷᠢᠬᠢᠨ ᠬᠤᠨᠳᠠᠭ᠎ᠠ ᠪᠠᠨ ᠵᠡᠬᠦᠨ ᠭᠠᠷ ᠲᠤ ᠪᠠᠨ ᠰᠢᠯᠵᠢᠬᠦᠯᠵᠤ ᠪᠠᠷᠠᠭᠤᠨ ᠭᠠᠷ ᠢᠶᠠᠷ ᠢᠶᠠᠨ《ᠠᠷᠢᠬᠢ ᠪᠠᠨ ᠰᠡᠷᠵᠢᠮᠯᠠᠵᠤ》 ᠶᠤᠰᠤᠨ ᠬᠦᠢᠴᠡᠳᠭᠡᠨ᠂ ᠠᠷᠢᠬᠢᠨ ᠬᠤᠨᠳᠠᠭ᠎ᠠ ᠪᠠᠨ ᠪᠠᠷᠠᠭᠤᠨ ᠭᠠᠷ ᠲᠤ ᠪᠠᠨ ᠰᠢᠯᠵᠢᠬᠦᠯᠬᠦ ᠶᠢᠨ ᠬᠠᠮᠳᠤ ᠠᠮᠰᠠᠭᠠᠳ ᠪᠤᠴᠠᠭᠠᠵᠤ ᠦᠭᠬᠦᠨ᠎ᠡ᠃ ᠠᠷᠢᠬᠢ ᠪᠠᠷᠢᠬᠤ ᠬᠦᠮᠤᠨ ᠠᠷᠢᠬᠢᠨ ᠬᠤᠨᠳᠠᠭ᠎ᠠ ᠪᠠᠨ ᠲᠦᠬᠦᠷᠭᠡᠭᠰᠡᠨ ᠤ ᠳᠠᠷᠠᠭ᠎ᠠ ᠂ ᠲᠠᠷᠠᠭ᠎ᠠ ᠨᠢᠭᠡ ᠵᠤᠴᠢᠨ ᠳᠤ ᠪᠠᠨ ᠠᠷᠢᠬᠢ ᠪᠠᠷᠢᠵᠤ᠂ ᠢᠡᠭᠬᠢᠵᠤ ᠨᠠᠷᠠ ᠡᠷᠭᠢᠬᠦ ᠴᠢᠭᠯᠡᠯ ᠢᠶᠠᠷ ᠵᠤᠴᠢᠨ ᠪᠦᠷᠢ ᠳᠤ ᠠᠷᠢᠬᠢ ᠭᠡᠮᠨᠠᠵᠤ ᠠᠮᠰᠠᠭᠤᠯᠤᠨ᠎ᠠ》᠃ ᠡᠨᠡᠬᠦ ᠲᠠᠰ ᠲᠠᠷᠠᠭᠠᠯᠠᠯ ᠢᠶᠠᠷ ᠭᠤᠷᠪᠠᠳᠤᠭᠠᠷ ᠡᠭᠡᠯᠵᠢ ᠶᠢᠨ ᠠᠷᠢᠬᠢ ᠪᠠᠷᠢᠬᠤ ᠦᠶ᠎ᠡ ᠳᠤ᠂ ᠵᠤᠴᠢᠳ ᠬᠤᠨᠳᠠᠭ᠎ᠠ ᠲᠠᠢ ᠠᠷᠢᠬᠢ ᠪᠠᠨ ᠵᠠᠪᠠᠯ ᠪᠠᠯᠭᠤᠵᠤ ᠲᠠᠭᠤᠰᠬᠠᠨ᠎ᠡ᠃ ᠡᠨᠡᠬᠦ ᠶᠤᠰᠤ ᠶᠢ 《ᠭᠤᠷᠪᠠᠳᠤᠭᠠᠷ ᠡᠭᠡᠯᠵᠢ ᠬᠡᠯᠪᠡᠷᠢ ᠶᠢᠨ ᠠᠷᠢᠬᠢ ᠪᠠᠷᠢᠬᠤ》ᠶᠤᠰᠤ ᠭᠡᠳᠡᠭ ᠃

ᠲᠦᠷᠪᠡ᠂ ᠬᠤᠶᠠᠳᠤᠭᠠᠷ ᠤᠳᠠᠭ᠎ᠠ ᠶᠢᠨ ᠬᠡᠯᠪᠡᠷᠢ ᠶᠢᠨ ᠠᠷᠢᠬᠢ ᠪᠠᠷᠢᠬᠤ ᠶᠣᠰᠣ   ᠲᠦᠷᠪᠡᠨ ᠪᠦᠯᠦᠭ ᠦᠢᠷᠡᠳ ᠪᠡ ᠲᠤᠷᠭᠤᠳ ᠠᠶᠢᠮᠠᠬ ᠤᠬᠰᠠᠭ᠎ᠠ ᠶᠢᠨ ᠬᠤᠶᠢᠴᠢᠰ ᠤᠳᠤ ᠦᠪᠤᠷ ᠮᠣᠩᠭᠤᠯ ᠤᠨ ᠠᠯᠠᠱᠨ ᠵᠡᠬᠦᠨ ᠬᠤᠰᠢᠭᠤ᠂ ᠠᠯᠠᠱᠨ ᠪᠠᠷᠠᠭᠤᠨ ᠬᠤᠰᠢᠭᠤᠨ ᠤ ᠮᠤᠩᠭᠤᠯ ᠦᠡᠳᠤᠰᠤᠳᠠᠨ ᠤ ᠬᠦᠮᠤᠰ《ᠠᠷᠢᠬᠢ᠂ ᠰᠠᠴᠤᠬᠤ》ᠭᠡᠵᠤ ᠨᠡᠷᠡᠯᠡᠵᠤ ᠪᠤᠢ᠃ ᠠᠷᠢᠬᠢ ᠪᠠᠷᠢᠬᠤ ᠬᠦᠮᠤᠨ ᠠᠷᠢᠬᠢᠨ ᠯᠤᠩᠬᠤᠨ ᠤ ᠠᠮᠠᠰᠠᠷ  ᠢ ᠨᠡᠭᠡᠭᠡᠭᠰᠡᠨ ᠤ ᠳᠠᠷᠠᠭ᠎ᠠ᠂ ᠬᠤᠨᠳᠠᠭ᠎ᠠ ᠳᠤ ᠪᠠᠨ ᠠᠷᠢᠬᠢ ᠲᠦᠬᠦᠷᠭᠡᠮᠡᠭᠴᠨ ᠰᠢᠭᠤᠳ ᠵᠤᠴᠢᠳ ᠲᠤ ᠪᠠᠨ ᠪᠠᠷᠢᠳᠠᠬ ᠪᠤᠯᠵᠠᠢ᠃ ᠵᠣᠴᠢᠨ ᠪᠠᠷᠢᠬᠰᠠᠨ ᠠᠷᠢᠬᠢ ᠶᠢ ᠲᠤᠰᠴᠦ ᠠᠪᠤᠭᠠᠳ ᠂ ᠠᠮᠰᠠᠭᠠᠳ ᠲᠠᠬᠢᠨ ᠬᠤᠨᠳᠠᠭ᠎ᠠ ᠲᠠᠢ ᠪᠠᠨ ᠠᠷᠢᠬᠢ ᠪᠠᠨ ᠪᠤᠴᠠᠭᠠᠵᠤ ᠦᠭᠬᠦᠨ᠎ᠡ᠃ ᠠᠷᠢᠬᠢ ᠪᠠᠷᠢᠬᠴᠢ  ᠲᠠᠬᠢᠨ ᠬᠤᠨᠳᠠᠭ᠎ᠠ ᠪᠠᠨ ᠲᠦᠬᠦᠷᠭᠡᠵᠤ ᠪᠠᠰᠨ ᠡᠨᠡ ᠬᠦᠮᠤᠨ ᠳᠤ ᠬᠤᠶᠠᠳᠤᠭᠠᠷ ᠤᠳᠠᠭ᠎ᠠ ᠠᠷᠢᠬᠢ ᠪᠠᠷᠢᠬᠤ ᠦᠶ᠎ᠡ ᠳᠤ 《ᠵᠨ᠂ ᠵᠤᠭᠤᠬᠯᠨ᠂ ᠬᠠᠶᠢᠷᠠᠯᠨ︕》ᠭᠡᠵᠤ ᠭᠡᠯᠡᠭᠡᠳ ᠠᠷᠢᠬᠢᠨ ᠶᠤᠰᠤ ᠬᠦᠢᠴᠡᠳᠭᠡᠨ᠎ᠡ᠃ ᠬᠤᠨᠳᠠᠭ᠎ᠠ ᠲᠠᠢ  ᠠᠷᠢᠬᠢ ᠶᠢ ᠲᠤᠰᠤᠬᠰᠠᠨ ᠬᠦᠮᠤᠨ ᠬᠤᠶᠠᠳᠤᠭᠠᠷ ᠤᠳᠠᠭ᠎ᠠ ᠨᠢ ᠪᠤᠯ ᠵᠠᠪᠠᠯ ᠪᠠᠯᠭᠤᠵᠤ ᠲᠠᠭᠤᠰᠬᠠᠬᠤ ᠶᠤᠰᠤᠳᠠᠢ᠃ ᠢᠩᠭᠢᠵᠦ ᠠᠷᠢᠬᠢ ᠪᠠᠷᠢᠬᠤ ᠶᠤᠰᠤ ᠶᠢ ᠰᠠᠭᠤᠵᠤ ᠪᠠᠶᠢᠭ᠎ᠠ ᠵᠤᠴᠢᠳ ᠤᠨ ᠬᠠᠮᠤᠭ ᠤᠨ ᠠᠬᠠᠮᠠᠳ ᠠᠴᠠ ᠨᠢ ᠡᠬᠢᠯᠡᠭᠦᠯᠵᠦ ᠲᠡᠰ ᠲᠠᠷᠠᠭᠠᠯᠠ‍ᠨ ᠬᠦᠢᠴᠡᠳᠭᠡᠳᠡᠭ᠂ ᠡᠭᠦᠨ ᠢ ᠲᠡᠷᠤᠢ ᠬᠤᠶᠠᠳᠤᠭᠠᠷ ᠤᠳᠠᠭ᠎ᠠ ᠶᠢᠨ ᠬᠡᠯᠪᠡᠷᠢ ᠶᠢᠨ ᠠᠷᠢᠬᠢ ᠪᠠᠷᠢᠬᠤ ᠶᠤᠰᠤ ᠭᠡᠳᠡᠭ᠃ ᠬᠤᠶᠠᠳᠤᠭᠠᠷ ᠤᠳᠠᠭ᠎ᠠ ᠶᠢᠨ ᠬᠡᠯᠪᠡᠷᠢ ᠶᠢᠨ ᠠᠷᠢᠬᠢ ᠪᠠᠷᠢᠬᠤ ᠶᠤᠰᠤ ᠨᠢ ᠪᠤᠢ ᠪᠦᠬᠦᠢ ᠬᠦᠮᠤᠰ ᠬᠤᠶᠠᠷ ᠴᠢᠬᠢ ᠪᠠᠷ ᠢᠶᠠᠨ ᠰᠠᠶᠢᠨ ᠮᠡᠳᠡᠭᠡ ᠵᠠᠩᠬᠢ ᠶᠢ ᠰᠤᠨᠤᠰᠴᠤ᠂ ᠠᠯᠠᠬ ᠬᠤᠶᠠᠷ ᠨᠢᠳᠤ ᠪᠠᠷ ᠢᠶᠠᠨ ᠬᠠᠮᠤᠭ ᠤᠨ ᠰᠠᠶᠢᠬᠠᠨ ᠶᠠᠭᠤᠮ᠎ᠠ ᠪᠦᠬᠦᠨ ᠢ ᠤᠯᠵᠤ ᠬᠠᠷᠠᠨ᠂ ᠠᠵᠢᠯᠴᠢ ᠬᠤᠶᠠᠷ ᠭᠠᠷ ᠢᠶᠠᠷ ᠢᠶᠠᠨ ᠭᠡᠷ ᠤᠷᠤᠨ ᠪᠡ ᠠᠵᠢᠯ ᠦᠢᠯᠡᠰ ᠢᠶᠠᠨ ᠡᠬᠦᠳᠤᠨ ᠪᠠᠶᠢᠭᠤᠯᠵᠤ᠂ ᠬᠤᠶᠠᠷ ᠬᠦᠮᠤᠨ ᠨᠢᠭᠤᠷ ᠤᠴᠠᠷᠠᠮᠠᠬᠴᠨ  ᠬᠤᠪᠢ ᠢᠷᠦᠭᠡᠯ ᠬᠦᠨ ᠵᠤᠵᠠᠭᠠᠨ ᠬᠠᠶᠢᠷ᠎ᠡ ᠰᠡᠳᠬᠢᠯᠭᠡ ᠲᠠᠢ ᠪᠤᠯᠬᠤ ᠶᠤᠰᠤ ᠵᠢᠷᠤᠮ ᠲᠠᠢ ᠪᠤᠯᠵᠤ ᠴᠢᠳᠠᠳᠠᠬ ᠭᠡᠰᠡᠨ ᠤᠳᠬ᠎ᠠ ᠶᠢ ᠪᠡᠯᠭᠡᠳᠡᠵᠤ ᠪᠠᠶᠢᠳᠠᠬ᠃

ᠳᠠᠪᠤ᠂ ᠰᠡᠷᠵᠢᠮᠯᠡᠭᠦ ᠶᠢᠨ ᠶᠤᠰᠤᠨ   ᠠᠷᠢᠬᠢ᠂ ᠰᠦ᠂ ᠬᠦᠭᠡ ᠴᠠᠢ ᠰᠡᠷᠵᠢᠮᠯᠡᠭᠦ᠃ ᠰᠡᠷᠵᠢᠮᠯᠡᠭᠦ ᠶᠤᠰᠤ ᠪᠤᠯ ᠤᠤᠭᠤᠬᠤ ᠪᠠᠷ ᠪᠠᠶᠢᠭ᠎ᠠ ᠠᠷᠢᠬᠢᠨ ᠤ ᠳᠤᠳᠤᠷ᠎ᠡ᠂ ᠪᠠᠷᠠᠭᠤᠨ ᠭᠠᠷ ᠤᠨ ᠢᠳᠠᠮ ᠬᠤᠷᠤᠭᠤ ᠪᠠᠨ ᠲᠦᠷᠢᠨ ᠳᠡᠭᠡᠭᠰᠢ ᠭᠤᠷᠪᠠ ᠤᠳᠠᠭ᠎ᠠ ᠰᠠᠴᠤᠯᠢ ᠡᠷᠭᠦᠬᠦ ᠵᠠᠩᠰᠢᠯ ᠢ ᠵᠢᠭᠠᠵᠤ ᠪᠣᠢ᠃ ᠭᠤᠷᠪᠠ ᠤᠳᠠᠭ᠎ᠠ ᠰᠠᠴᠤᠯᠢ ᠡᠷᠭᠦᠳᠡᠭ ᠦᠨ ᠠᠭᠤᠯᠭ᠎ᠠ ᠨᠢ ᠪᠤᠯ᠂ ᠨᠢᠭᠡ ᠨᠢ《ᠬᠦᠭᠡ ᠳᠡᠭᠷᠢ ᠠᠮᠤᠭᠤᠯᠠᠩ ᠪᠤᠯᠤᠭ》᠂ ᠬᠤᠶᠠᠷ ᠨᠢ《ᠬᠦᠷᠦᠰᠦᠳᠦ ᠳᠡᠯᠡᠭᠡᠢ ᠠᠮᠤᠭᠤᠯᠠᠩ ᠪᠤᠯᠤᠭ》᠂ ᠭᠤᠷᠪᠠ ᠨᠢ《ᠬᠦᠮᠦᠨ ᠵᠤᠨ ᠠᠮᠤᠭᠤᠯᠠᠩ ᠪᠤᠯᠤᠭ》ᠭᠡᠰᠡᠨ ᠤᠳᠬ᠎ᠠ ᠪᠤᠯᠤᠨ᠎ᠠ᠃ ᠮᠤᠩᠭᠤᠯᠴᠤᠳ ᠠᠷᠢᠬᠢ ᠶᠢ ᠢᠳᠡᠭᠡᠨ ᠤ ᠤᠬᠢ ᠤᠮᠳᠠᠭᠠᠨ ᠤ ᠳᠡᠭᠡᠵᠢ ᠭᠡᠵᠦ ᠦᠵᠡᠳᠡᠭ ᠪᠣᠯᠬᠣᠷ᠂ ᠲᠡᠭᠦᠨ ᠢᠶᠠᠷ ᠢᠶᠠᠨ ᠳᠠᠮᠵᠢ‍ᠭᠤᠯᠤᠨ ᠬᠦᠮᠦᠨ ᠵᠤᠨ ᠤ ᠬᠠᠮᠤᠭ ᠤᠨ ᠰᠠᠶᠢᠨ ᠰᠠᠶᠢᠬᠠᠨ ᠬᠦᠰᠡᠯ ᠵᠥᠩᠨᠡᠯ ᠤᠨ ᠰᠡᠳᠬᠢᠯᠭᠡ ᠪᠠᠨ ᠢᠯᠡᠳᠭᠡᠳᠡᠭ᠃

ᠵᠢᠷᠭᠤᠭ᠎ᠠ᠂ ᠠᠷᠢᠬᠢ ᠴᠡᠭᠡᠷᠯᠡᠭᠦ ᠶᠤᠰᠤᠨ   ᠮᠤᠩᠭᠤᠯᠴᠤᠳ ᠠᠷᠢᠬᠢ ᠶᠢ ᠢᠳᠡᠭᠡᠨ ᠤ ᠤᠬᠢ ᠤᠮᠳᠠᠭᠠᠨ ᠤ ᠳᠡᠭᠡᠵᠢ ᠭᠡᠵᠦ ᠬᠦᠨᠳᠦᠳᠭᠡᠳᠡᠭ ᠪᠤᠯᠬᠤᠷ᠂ ᠠᠷᠢᠬᠢ ᠤᠤᠭᠤᠬᠤ ᠶᠢᠨ ᠲᠤᠬᠠᠢ ᠳᠤᠭᠳᠠᠭᠰᠠᠨ ᠶᠤᠰᠤ ᠪᠠᠶᠢᠳᠠᠭ ᠠᠴᠠ ᠭᠠᠳᠠᠨ᠎ᠠ᠂ ᠪᠠᠰᠠ ᠤᠯᠠᠨ ᠲᠠᠯ᠎ᠠ ᠶᠢᠨ ᠴᠡᠭᠡᠷᠯᠡᠯ ᠪᠠᠶᠢᠳᠠᠭ᠃ ᠬᠡᠳᠦᠷᠡᠳᠡᠯ᠎ᠠ ᠤᠤᠭᠤᠬᠤ᠂ ᠪᠠᠯᠠᠷᠳᠠᠯ᠎ᠠ ᠰᠤᠭᠳᠤᠬᠤ ᠶᠢ  ᠴᠡᠭᠡᠷᠯᠡᠳᠡᠭ᠃ ᠮᠤᠩᠭᠤᠯᠴᠤᠳ《40 ᠬᠦᠷᠴᠦ ᠲᠦᠩᠭᠡᠵᠢ ᠠᠮᠰᠠ᠂ 50 ᠬᠦᠷᠴᠦ ᠳᠠᠯᠪᠢᠵᠤ ᠠᠮᠰᠠ᠂ 60 ᠬᠦᠷᠴᠦ ᠵᠢᠷᠭᠠᠵᠤ ᠠᠮᠰᠠ》ᠬᠡᠭᠦ ᠪᠤᠶᠤ《ᠠᠷᠢᠬᠢ ᠳᠠᠩᠳᠠᠪᠠᠯ ᠠᠮᠢᠳᠤ ᠶᠢᠨ ᠳᠠᠮᠤ ᠳᠤ ᠤᠨᠠᠨ᠎ᠠ》ᠭᠡᠳᠡᠭ ᠬᠦᠨᠵᠡᠭᠡᠢ ᠳᠠᠨᠢᠯᠳᠠ ᠲᠠᠢ ᠪᠠᠶᠢᠳᠠᠭ᠃ ᠡᠶᠢᠮᠦ ᠠᠴᠠ ᠨᠠᠶᠢᠷ ᠨᠠᠭᠠᠳᠤᠮ ᠳᠤ ᠭᠤᠷᠪᠠᠨ ᠬᠤᠨᠳᠠᠭ᠎ᠠ ᠠᠴᠠ ᠬᠡᠲᠦᠷᠡᠭᠦᠯᠬᠦ ᠶᠢ ᠴᠡᠭᠡᠷᠯᠡᠳᠡᠭ᠃ ᠠᠷᠢᠬᠢ ᠳᠠᠷᠠᠰᠤ ᠤᠤᠭᠤᠭᠰᠠᠨ ᠤ ᠳᠠᠷᠠᠭ᠎ᠠ᠂ ᠳᠡᠭᠦᠨ ᠢ《ᠭᠠᠰᠢᠭᠤᠨ》ᠡᠰᠡᠭᠦᠯ᠎ᠠ 《ᠳᠤᠭᠰᠢᠨ》ᠭᠡᠵᠤ ᠬᠡᠯᠡᠭᠦ ᠶᠢ ᠴᠡᠭᠡᠷᠯᠡᠳᠡᠭ᠂ ᠤᠴᠢᠷ ᠨᠢ ᠮᠤᠩᠭᠤᠯᠴᠤᠳ ᠠᠷᠢᠬᠢ ᠶᠢ ᠢᠳᠡᠭᠡᠨ ᠤ ᠤᠬᠢ ᠰᠢᠮ᠎ᠡ ᠤᠮᠳᠠᠭᠠᠨ ᠤ ᠰᠠᠶᠢᠨ ᠳᠡᠭᠡᠵᠢ ᠪᠠᠷ ᠦᠵᠡᠳᠡᠭ ᠤᠴᠢᠷ ᠠᠴᠠ ᠲᠡᠭᠦᠨ ᠢ ᠭᠠᠰᠢᠭᠤᠨ ᠪᠤᠶᠤ ᠳᠤᠭᠰᠢᠨ ᠭᠡᠵᠤ ᠬᠡᠯᠡᠵᠤ ᠪᠤᠯᠳ᠋ᠠᠭ ᠦᠭᠡᠢ᠂ ᠮᠤᠩᠭᠤᠯᠴᠤᠳ ᠤᠨ ᠰᠡᠳᠬᠢᠯ ᠳᠤ ᠠᠷᠢᠬᠢ ᠪᠤᠯ ᠠᠩᠬᠢᠯᠤᠮ᠎ᠠ ᠰᠠᠶᠢᠬᠠᠨ ᠠᠮᠳᠠᠳᠦ ᠢᠳᠡᠭᠡᠨ ᠪᠤᠯᠤᠨ᠎ᠠ᠃ ᠵᠤᠭᠰᠤᠭ᠎ᠠ ᠪᠠᠷ ᠢᠶᠠᠨ ᠠᠷᠢᠬᠢ ᠠᠮᠰᠠᠬᠤ ᠪᠤᠶᠤ ᠠᠷᠢᠬᠢ ᠤᠤᠭᠤᠬᠤ ᠶᠢ ᠴᠡᠭᠡᠷᠯᠡᠳᠡᠭ᠃ ᠠᠷᠢᠬᠢᠨ ᠳᠤ ᠰᠢᠨᠤᠬᠤ ᠶᠢ ᠴᠡᠭᠡᠷᠯᠡᠳᠡᠭ᠂ ᠡᠰᠡᠪᠡᠰᠦ ᠠᠷᠢᠬᠢᠨ ᠴᠢᠳᠬᠦᠷ ᠪᠤᠯᠵᠤ᠂ ᠪᠡᠶ᠎ᠠ  ᠪᠡᠨ ᠳᠠᠷᠴᠢᠯᠠᠭᠠᠨ᠂ ᠤᠴᠢᠷ ᠶᠠᠪᠤᠳᠠᠯ ᠢᠶᠠᠨ ᠰᠠᠭᠠᠲᠠᠭᠠᠵᠤ᠂ ᠬᠡᠳᠦᠷᠡᠪᠡᠯ ᠠᠮᠢ ᠪᠠᠨ ᠴᠦ ᠠᠯᠳᠠᠬᠤ ᠪᠤᠯᠤᠨ᠎ᠠ᠃ ᠡᠴᠢᠭᠡ ᠡᠭᠡ᠂ ᠠᠬᠠᠮᠠᠳ ᠦᠶ᠎ᠡ ᠶᠢᠨ ᠡᠮᠦᠨ᠎ᠡ ᠠᠷᠢᠬᠢ ᠤᠤᠭᠤᠬᠤ ᠳᠠᠮᠠᠬᠢ ᠳᠠᠳᠠᠬᠤ ᠶᠢ ᠴᠡᠭᠡᠷᠯᠡᠳᠡᠭ᠃ ᠬᠡᠷᠪᠡ ᠨᠡᠭᠡᠷᠡᠨ ᠬᠠᠷᠢᠯᠴᠠᠭ᠎ᠠ ᠶᠠᠪᠤᠯᠴᠠᠭ᠎ᠠ ᠠᠴᠠ ᠪᠤᠯᠵᠤ ᠠᠷᠢᠬᠢ ᠤᠤᠭᠤᠬᠤ ᠴᠢᠬᠤᠯᠠᠳᠠᠢ ᠪᠤᠯ ᠡᠴᠢᠭᠡ ᠡᠭᠡ ᠠᠴᠠ ᠪᠠᠨ ᠵᠦᠪᠰᠢᠶᠡᠷᠡᠯ ᠤᠯᠵᠤ᠂ ᠶᠣᠰᠣ ᠦᠢᠯᠡ ᠶᠢᠨ ᠲᠡᠳᠦᠢ ᠪᠠᠭ᠎ᠠ ᠤᠤᠭᠤᠳᠠᠭ᠃ ᠠᠷᠢᠬᠢ ᠪᠠᠷᠢᠬᠤ ᠳᠦ ᠪᠡᠨ ᠵᠤᠴᠢᠨ ᠤ ᠭᠠᠷ ᠲᠠᠭᠠᠨ ᠪᠠᠷᠢᠵᠤ ᠪᠠᠶᠢᠭ᠎ᠠ ᠬᠤᠨᠳᠠᠭᠠᠨ ᠳᠤ ᠨᠢ  ᠠᠷᠢᠬᠢ ᠬᠡᠮᠨᠡᠭᠦ ᠶᠢ ᠴᠡᠭᠡᠷᠯᠡᠳᠡᠭ᠂ ᠡᠷᠬᠡᠪᠰᠢ ᠬᠤᠨᠳᠠᠭ᠎ᠠ ᠶᠢ ᠲᠣᠰᠴᠤ ᠠᠪᠤᠭᠠᠳ᠂ ᠠᠷᠢᠬᠢ ᠬᠡᠮᠨᠡᠭᠰᠡᠨ ᠤ ᠳᠠᠷᠠᠭ᠎ᠠ ᠬᠤᠶᠠᠷ ᠭᠠᠷ ᠢᠶᠠᠷ ᠢᠶᠠᠨ ᠡᠷᠭᠦᠨ ᠪᠠᠷᠢ‍ᠨ᠎ᠠ ᠂ ᠡᠰᠡᠪᠡᠰᠦ ᠵᠣᠴᠢᠨ ᠢ ᠬᠥᠡᠭᠭᠡᠪᠴᠢᠯᠡᠵᠥ ᠪᠠᠶᠢᠭ᠎ᠠ ᠶᠠᠪᠤᠳᠠᠯ ᠪᠣᠯᠣᠨ᠎ᠠ᠃

 

 


   :                    
   :           
备案序号:蒙ICP备05003250号 公安备案15010502000173