ᠵᠤᠬᠢᠶᠠᠭᠴᠢ: ᠴᠠᠭ:2024-08-16 ᠥᠵᠡᠭᠰᠡᠨ : ᠢᠷᠡᠯᠲᠡ: ᠥᠪᠥᠷ ᠮᠣᠩᠭᠤᠯ ᠤᠨ     ᠵᠠᠰᠠᠭ ᠤᠨ ᠣᠷᠳᠣᠨ    
ᠪᠤᠷᠢᠶᠠᠳ ᠮᠤᠩᠭᠤᠯᠴᠤᠳ ᠤᠨ ᠲᠤᠭᠤᠨᠤᠳᠤ ᠲᠠᠶᠢᠬᠤ ᠨᠠᠶᠢᠷ

 

ᠪᠤᠷᠢᠶᠠᠳ ᠮᠤᠩᠭᠤᠯᠴᠤᠳ ᠤᠨ ᠲᠤᠭᠤᠨᠤᠳᠤ ᠲᠠᠶᠢᠬᠤ ᠨᠠᠶᠢᠷ ᠢ ᠬᠡᠤᠬᠡᠳ ᠲᠠᠢ ᠪᠤᠯᠤᠭᠰᠠᠨ ᠭᠤᠷᠪᠠᠳᠤᠭᠠᠷ ᠡᠳᠤᠷ ᠲᠤ ᠬᠢᠳᠡᠭ᠃

ᠪᠤᠷᠢᠶᠠᠳᠴᠤᠳ ᠮᠤᠩᠭᠤᠯ ᠥᠨᠳᠤᠰᠤᠳᠡᠨ ᠤ ᠨᠢᠬᠡ ᠤᠭᠰᠠᠭ᠎ᠠ ᠪᠦᠭᠡᠳ ᠴᠥᠮ ᠲᠤᠭᠤᠨᠤ ᠲᠠᠢ ᠮᠤᠩᠭᠤᠯ ᠬᠡᠷ ᠲᠤ ᠰᠠᠭᠤᠵᠤ ᠪᠠᠶᠢᠭᠰᠠᠨ ᠲᠤᠯᠠ ᠬᠡᠤᠬᠡᠳ ᠢ ᠲᠡᠤᠬᠡᠨ ᠠᠴᠠ ᠪᠠᠨ ᠠᠪᠤᠭᠠᠳ ᠮᠤᠩᠭᠤᠯ ᠬᠡᠷ ᠲᠤ ᠬᠦᠡᠭᠬᠡᠵᠢᠳᠡᠭ ᠪᠠᠶᠢᠭᠰᠠᠨ ᠶᠤᠮ᠃ ᠡᠷᠳᠡ ᠥᠶ᠎ᠠ ᠳᠡᠭᠡᠨ ᠪᠤᠷᠢᠶᠠᠳ ᠪᠦᠰᠡᠬᠦ᠋ᠢᠴᠤᠳ ᠭᠠᠯ ᠤᠨ ᠵᠡᠬᠦᠨ ᠲᠠᠯ᠎ᠠ ᠳᠤ ᠤᠨᠳᠠᠳᠠᠭ ᠤᠷᠤᠨ ᠤ ᠪᠠᠨ ᠲᠤᠤᠷ᠎ᠠ ᠭᠠᠵᠠᠷ ᠲᠤ ᠠᠷᠭᠠᠯ ᠤᠨ ᠬᠤᠬᠢᠷ ᠲᠡᠪᠢᠰᠴᠤ ᠬᠡᠤᠬᠡᠳ ᠢᠶᠠᠨ ᠬᠦᠡᠭᠭᠡᠵᠢᠳᠡᠭ ᠪᠠᠶᠢᠪᠠ᠃ ᠭᠤᠷᠪᠠᠳᠤᠭᠠᠷ ᠡᠳᠤᠷ ᠲᠡᠭᠡᠨ ᠬᠡᠤᠬᠡᠳ ᠲᠠᠢ ᠪᠤᠯᠤᠭᠰᠠᠨ ᠠᠶᠢᠯ ᠴᠠᠭᠠᠨ ᠢᠳᠡᠭᠡ᠂ ᠲᠠᠪᠠᠭ ᠲᠠᠪᠰᠢ᠂ ᠴᠠᠢ ᠤᠰᠤ᠂ ᠮᠢᠬ᠎ᠠ ᠱᠥᠯᠥ ᠪᠡᠯᠡᠳᠬᠡᠨ ᠬᠦᠷᠰᠢ ᠵᠡᠷᠬᠡᠯᠡᠳᠡᠭᠡ᠂ ᠲᠥᠷᠥᠯ ᠰᠠᠳᠤᠨ ᠪᠤᠶᠤ ᠥᠶᠡᠳᠡᠨ ᠨᠥᠬᠦᠳ ᠢᠶᠠᠨ ᠤᠷᠢᠵᠦ᠂ ᠲᠤᠭᠤᠨᠤᠳᠤ ᠲᠠᠶᠢᠳᠡᠭ᠃

ᠲᠤᠭᠤᠨᠤᠳᠤ ᠲᠠᠶᠢᠬᠤ ᠨᠢ ᠲᠡᠤᠭᠡ ᠶᠢᠨ ᠤᠯᠠᠮᠵᠢᠯᠠᠯ ᠲᠠᠢ᠂ ᠰᠤᠶᠤᠯ᠂ ᠵᠠᠩ ᠲᠠᠳᠬᠠᠯ᠂ ᠰᠥᠰᠥᠭ ᠪᠢᠰᠢᠷᠡᠯ ᠲᠠᠢ ᠬᠤᠯᠪᠤᠭᠳᠠᠬᠤ ᠭᠠᠯ ᠭᠤᠯᠤᠮᠳᠠ ᠲᠠᠬᠢᠬᠤ ᠲᠠᠬᠢᠯᠭ᠎ᠠ ᠶᠢᠨ ᠬᠡᠯᠪᠡᠷᠢ ᠪᠤᠯᠤᠨ᠎ᠠ᠃ ᠲᠤᠭᠤᠨᠤᠳᠤ ᠲᠠᠶᠢᠬᠤ ᠨᠠᠶᠢᠷ ᠨᠢ ᠲᠠᠷᠤᠢ ᠬᠡᠤᠬᠡᠳ ᠲᠠᠢ ᠪᠤᠯᠤᠭᠰᠠᠨ ᠳᠠᠭᠠᠨ ᠪᠠᠶᠠᠷᠯᠠᠵᠦ᠂ ᠭᠠᠯ ᠭᠤᠯᠤᠮᠳᠠ ᠪᠠᠨ ᠬᠦᠨᠳᠤᠳᠬᠡᠨ ᠲᠠᠬᠢᠬᠤ ᠶᠠᠪᠤᠳᠠᠯ ᠪᠤᠯᠤᠨ᠎ᠠ᠃ ᠲᠡᠯᠡᠬᠡᠢ ᠶᠢᠷᠳᠢᠨᠴᠤ ᠳᠤ ᠪᠤᠢ ᠪᠤᠯᠤᠭᠰᠠᠨ ᠥᠷ᠎ᠠ ᠬᠡᠤᠬᠡᠳ ᠡᠪᠡᠳᠴᠢᠨ ᠥᠬᠡᠢ ᠡᠩᠬᠡ ᠰᠠᠷᠠᠭᠤᠯ ᠢᠳᠡᠷᠡᠬᠦᠨ ᠴᠢᠬᠢᠷᠠᠭ ᠥᠰᠥᠨ ᠪᠤᠶᠢᠵᠢᠬᠤ ᠶᠢᠨ ᠢᠷᠤᠭᠡᠯ ᠤᠨ ᠲᠠᠬᠢᠯᠭ᠎ᠠ ᠶᠢᠨ ᠬᠡᠯᠪᠡᠷᠢ ᠶᠤᠮ᠃ ᠬᠤᠯᠠ ᠤᠢᠢᠷ᠎ᠠ ᠠᠴᠠ ᠢᠷᠡᠭᠰᠡᠨ ᠬᠦᠮᠦᠰ ᠥᠨᠳᠤᠰᠤᠳᠡᠨ ᠤ ᠬᠤᠪᠴᠠᠰᠤ ᠪᠠᠨ ᠴᠡᠪᠡᠷ ᠰᠠᠶᠢᠬᠠᠨ ᠡᠮᠤᠰᠴᠤ ᠬᠡᠤᠬᠡᠳ ᠲᠤᠨᠢ ᠶᠡᠭᠡ ᠪᠠᠭ᠎ᠠ ᠴᠤ ᠪᠡᠯᠡᠭ ᠲᠠᠢ ᠢᠷᠡᠵᠡᠬᠡᠵᠦ᠂ ᠪᠡᠯᠡᠭ ᠥᠭᠳᠡᠭ᠃ ᠪᠠᠰᠠ ᠤᠢᠢᠷ᠎ᠠ ᠲᠥᠷᠥᠯ ᠰᠠᠳᠤᠨ ᠨᠢ ᠬᠡᠤᠬᠡᠳ ᠲᠤ ᠠᠳᠤᠭᠤ ᠮᠠᠯ ᠬᠤᠨᠢ ᠬᠤᠷᠠᠭ᠎ᠠ ᠥᠭᠳᠡᠭ᠃ ᠲᠤᠭᠤᠨᠤᠳᠤ ᠲᠠᠶᠢᠬᠤ ᠳᠤ ᠲᠤᠭᠤᠨᠤᠳᠤ ᠶᠢ ᠵᠤᠩᠭᠢᠯᠠᠭᠴᠢ ᠬᠡᠵᠦ ᠪᠠᠶᠢᠳᠠᠭ᠂ ᠲᠤᠭᠤᠨᠤᠳᠤ ᠲᠠᠶᠢᠬᠤ ᠳᠤ ᠡᠮᠬᠢ ᠵᠠᠮᠪᠠᠷᠠᠭ᠎ᠠ ᠲᠠᠢ ᠴᠠᠢ ᠠᠶᠠᠭᠠᠯᠠᠨ ᠴᠠᠭᠠᠨ ᠢᠳᠡᠭᠡᠨ ᠲᠠᠪᠠᠭ ᠲᠠᠯᠪᠢᠨ ᠲᠤᠭᠤᠨᠤᠳᠤ ᠲᠠᠶᠢᠵᠦ ᠡᠬᠢᠯᠡᠳᠡᠭ᠃ ᠬᠠᠮᠤᠭ ᠤᠨ ᠲᠡᠷᠢᠬᠦᠨ ᠳᠤ ᠪᠤᠷᠬᠠᠨ ᠳᠠᠭᠠᠨ ᠬᠦᠵᠢ ᠵᠤᠯᠠ ᠪᠠᠷᠢᠵᠦ᠂  ᠴᠠᠢ ᠶᠢᠨ ᠲᠡᠬᠡᠵᠢ ᠢᠳᠡᠬᠦ ᠤᠤᠭᠤᠬᠤ ᠶᠠᠭᠤᠮᠠᠨ ᠤ ᠲᠡᠬᠡᠵᠢ ᠪᠠᠨ ᠪᠤᠷᠬᠠᠨ ᠳᠠᠭᠠᠨ ᠡᠷᠬᠦᠵᠦ᠂ ᠭᠠᠳᠠᠨ᠎ᠠ ᠭᠠᠷᠴᠦ᠂ ᠬᠦᠬᠡ ᠲᠡᠭᠷᠢ ᠬᠦᠷᠦᠰᠦᠳᠤ ᠲᠡᠯᠡᠬᠡᠢ ᠤᠪᠤᠭ᠎ᠠ ᠠᠭᠤᠯᠠ ᠤᠷᠤᠨ ᠲᠡᠯᠡᠬᠡᠢ ᠳᠡᠭᠡᠨ ᠡᠷᠬᠦᠯ ᠬᠢᠭᠰᠡᠨ ᠤ ᠲᠠᠷᠠᠭ᠎ᠠ ᠵᠢᠩᠬᠢᠨᠢ ᠪᠠᠷ ᠲᠤᠭᠤᠨᠤᠳᠤ ᠲᠠᠶᠢᠬᠤ ᠨᠠᠶᠢᠷ ᠡᠬᠢᠯᠡᠳᠡᠭ᠃

ᠲᠤᠭᠤᠨᠤᠳᠤ ᠲᠠᠶᠢᠬᠤ ᠨᠢ ᠬᠡᠤᠬᠡᠳ ᠲᠠᠢ ᠪᠤᠯᠤᠭᠰᠠᠨ ᠰᠠᠮᠠᠭᠠᠨ ᠤ ᠣᠷᠣ︵ᠭᠠᠯ ᠤᠨ ᠵᠡᠬᠦᠨ ᠲᠠᠯ᠎ᠠ︶ ᠶᠢᠨ  ᠲᠤᠤᠷᠠᠳᠤ ᠲᠠᠯ᠎ᠠ᠂ ᠠᠳᠠᠶᠢᠷ ᠲᠤᠬᠤᠨ︵ᠠᠶᠠᠭ᠎ᠠ ᠰᠢᠨᠠᠭ᠎ᠠ ᠶᠢᠨ ᠰᠢᠷᠡᠭᠡ︶ ᠤ ᠲᠡᠭᠡᠳᠤ ᠲᠠᠯ᠎ᠠ ᠶᠢᠨ ᠵᠠᠪᠰᠠᠷ ᠲᠤ ᠬᠡᠷ ᠤᠨ ᠡᠵᠡᠨ ᠪᠡ ᠬᠦᠷᠥᠯᠴᠡᠨ ᠢᠷᠡᠭᠰᠡᠨ ᠬᠦᠮᠦᠰ ᠬᠠᠭᠤᠷᠠᠢ ᠬᠤᠰᠤ ᠮᠤᠳᠤ︵ᠲᠤᠬᠤᠢ ᠬᠦᠷᠬᠦ ᠥᠬᠡᠢ ᠤᠷᠳᠤ︶ ᠶᠢ ᠪᠡᠶ᠎ᠠ ᠪᠡᠶ᠎ᠠ ᠶᠢ ᠨᠢ ᠲᠥᠰᠢᠬᠦᠯᠦᠨ ᠤᠷᠴᠠ ᠪᠤᠰᠬᠠᠵᠦ᠂ ᠮᠤᠳᠤᠨ ᠲᠡᠭᠡᠷ᠎ᠠ ᠪᠠᠨ ᠰᠢᠷ᠎ᠠ ᠲᠤᠰᠤ ᠲᠥᠷᠬᠢᠨ ᠲᠤᠰᠤᠭᠠᠵᠦ᠂ ᠬᠤᠨᠢᠨ ᠤ ᠬᠠᠳᠠᠭᠰᠠᠨ ᠰᠡᠮᠡᠵᠡᠨ ᠥᠬᠡᠬᠦ ᠪᠠᠷ ᠮᠤᠳᠤ ᠪᠠᠨ ᠪᠦᠳᠡᠬᠡᠵᠦ᠂ ᠳᠡᠭᠡᠭᠦᠷ ᠨᠢ ᠬᠦᠬᠡ ᠬᠠᠳᠠᠭ ᠢᠶᠠᠷ ᠪᠦᠳᠡᠭᠡᠳᠡᠭ᠃ ᠲᠤᠭᠤᠨᠤᠳᠤ ᠲᠠᠬᠢᠯᠭ᠎ᠠ ᠶᠢᠨ ᠬᠤᠶᠠᠷ ᠲᠠᠯ᠎ᠠ ᠳᠤ ᠴᠠᠭᠠᠨ ᠢᠳᠡᠭᠡᠨ ᠲᠠᠪᠠᠭ ᠪᠠ ᠬᠤᠨᠢᠨ ᠤ ᠱᠠᠭᠠᠨᠲᠤ᠂ ᠲᠠᠯᠤ᠂ ᠬᠤᠰᠬᠢᠨᠠᠭ ᠵᠡᠷᠭᠡ ᠶᠢ ᠲᠠᠯᠪᠢᠵᠦ᠂ 2-3 ᠬᠤᠤᠰ ᠡᠷᠡᠭᠳᠡᠢ ᠡᠮᠡᠭᠳᠠᠶᠢᠴᠤᠳ ᠲᠤᠭᠤᠨᠤᠳᠤ ᠶᠢᠨ ᠭᠠᠯ ᠢ ᠲᠤᠭᠤᠷᠢᠨ ᠰᠠᠭᠤᠵᠦ᠂ ᠬᠤᠰᠤ ᠮᠤᠳᠤᠨ ᠤ ᠵᠤᠮᠤᠭᠤᠯ ᠢᠶᠠᠷ ᠲᠥᠰᠢᠬᠦᠯᠦᠭᠰᠠᠨ ᠮᠤᠳᠤᠨ ᠤ ᠲᠤᠤᠷ᠎ᠠ ᠬᠦᠨᠳᠡᠢ ᠠᠴᠠ ᠭᠠᠯ ᠢᠶᠠᠨ ᠨᠤᠴᠤᠭᠠᠵᠦ ᠬᠦᠭᠵᠢᠭᠡᠭᠡᠳ᠂ ᠲᠤᠭᠤᠨᠤᠳᠤ ᠲᠠᠶᠢᠬᠤ ᠳᠤ ᠭᠠᠯ ᠢ ᠲᠤᠭᠤᠷᠢᠨ ᠰᠠᠭᠤᠭᠰᠠᠨ ᠬᠦᠮᠦᠰ ᠵᠤᠬᠢᠬᠤ ᠭᠠᠵᠠᠷ ᠠᠴᠠ ᠬᠦᠭᠵᠢᠭᠰᠡᠨ ᠭᠠᠯ ᠢ ᠥᠯᠢᠶᠡᠵᠦ᠂ ᠲᠤᠭᠤᠨᠤᠳᠤ ᠲᠠᠶᠢᠬᠤ ᠭᠠᠯ ᠢ ᠲᠥᠷᠬᠡᠨ ᠥᠯᠢᠶᠡᠵᠦ ᠬᠦᠭᠵᠢᠭᠡᠳᠡᠭ᠃ ᠠᠮᠠᠨ ᠳᠠᠭᠠᠨ ᠰᠢᠷ᠎ᠠ ᠲᠤᠰᠤ ᠪᠠᠯᠭᠤᠵᠦ ᠬᠦᠭᠵᠢᠨ ᠨᠤᠴᠤᠵᠦ ᠪᠠᠶᠢ‍ᠭ᠎ᠠ ᠭᠠᠯ ᠤᠷᠤᠭᠤ ᠲᠤᠷᠬᠢᠨ ᠥᠯᠢᠶᠡᠳᠡᠭ᠃ ᠢᠡᠭᠭᠢᠬᠦ ᠳᠤ ᠨᠤᠴᠤᠵᠦ ᠪᠠᠶᠢ‍ᠭ᠎ᠠ ᠭᠠᠯ ᠤᠯᠠᠮ ᠪᠠᠳᠠᠷᠠᠨ ᠬᠦᠭᠵᠢᠵᠦ ᠲᠤᠭᠤᠨᠤᠳᠤ ᠶᠢᠨ ᠭᠠᠯ ᠨᠢ ᠥᠯᠢᠶᠡᠵᠦ ᠪᠠᠶᠢ‍ᠭ᠎ᠠ ᠬᠦᠮᠦ‍ᠰ ᠦᠨ ᠠᠮᠠᠨ ᠤ ᠭᠠᠯ ᠯᠤᠭ᠎ᠠ ᠵᠠᠯᠭᠠᠯᠳᠤᠳᠠᠭ᠃

ᠡᠷᠡᠭᠳᠠᠢ ᠡᠮᠡᠭᠳᠠᠢ ᠪᠦᠬᠦᠳᠡᠭᠡᠷ ᠢᠶᠠᠨ ᠠᠮᠠᠨ ᠳᠠᠭᠠᠨ ᠰᠢᠷ᠎ᠠ ᠲᠤᠰᠤ ᠪᠠᠯᠭᠤᠵᠦ ᠥᠯᠢᠶᠡᠬᠦ ᠳᠤ ᠲᠤᠭᠤᠨᠤᠳᠤ ᠶᠢᠨ ᠭᠠᠯ ᠤᠯᠠᠮ ᠪᠠᠳᠠᠷᠠᠨ ᠬᠦᠭᠵᠢᠵᠦ ᠪᠦᠰᠠᠳᠠᠶᠢᠴᠤᠳ᠂ ᠪᠦᠰᠠᠬᠦ᠋ᠢᠴᠤᠳ ᠡᠮᠬᠢ ᠵᠢᠷᠤᠮ ᠲᠠᠢ ᠬᠠᠮᠳᠤᠪᠠᠷ ᠲᠤᠭᠤᠨᠤᠳᠤ ᠶᠢᠨ ᠭᠠᠯ ᠤᠷᠤᠭᠤ ᠴᠢᠳᠠᠮᠠᠭᠠᠢ ᠰᠠᠶᠢᠬᠠᠨ ᠥᠯᠢᠶᠡᠳᠡᠭ︵ᠬᠦᠮᠦᠨ ᠪᠦᠷᠢ ᠭᠤᠷᠪᠠ ᠤᠳᠠᠭ᠎ᠠ ᠥᠯᠢᠶᠡᠳᠡᠭ︶᠃ ᠴᠢᠳᠠᠯ ᠲᠠᠢ ᠭᠠᠷᠮᠠᠭᠠᠢ ᠨᠢᠬᠡ ᠨᠢ ᠮᠸᠲᠷ ᠬᠤᠯᠠ ᠠᠴᠠ ᠰᠢᠷ᠎ᠠ ᠲᠤᠰᠤ ᠲᠤᠷᠬᠢᠨ ᠥᠯᠢᠶᠡᠵᠦ᠂ ᠡᠷ᠎ᠠ ᠴᠢᠳᠠᠯ ᠢᠶᠠᠨ ᠭᠠᠶᠢᠬᠠᠭᠤᠯᠳᠠᠭ᠃ ᠢᠡᠭᠭᠢᠵᠦ ᠬᠦᠭᠵᠢᠶᠡᠨ ᠲᠠᠢ ᠭᠠᠯ ᠢᠶᠠᠷ ᠲᠤᠭᠤᠨᠤᠳᠤ ᠲᠠᠬᠢᠬᠤ ᠲᠠᠬᠢᠯᠭ᠎ᠠ ᠶᠠᠪᠤᠭᠳᠠᠭᠠᠳ ᠭᠠᠯ ᠨᠠᠮᠳᠠᠬᠤ ᠳᠤ ᠬᠠᠮᠤᠭ ᠤᠨ ᠲᠡᠷᠢᠬᠦᠨ ᠳᠤ ᠬᠡᠤᠬᠡᠳ ᠲᠠᠢ ᠪᠤᠯᠤᠭᠰᠠᠨ ᠰᠠᠮᠠᠭᠠᠨ ᠲᠤᠭᠤᠨᠤᠳᠤ ᠲᠠᠶᠢᠬᠤ ᠶᠤᠰᠤᠭᠠᠷ ᠬᠡᠤᠬᠡᠳ ᠢᠶᠠᠨ ᠲᠡᠪᠡᠷᠢᠵᠦ ᠬᠡᠤᠬᠡᠳ ᠢᠶᠠᠨ ᠭᠠᠯ ᠲᠡᠭᠡᠷ᠎ᠠ ᠭᠤᠷᠪᠠ ᠡᠷᠬᠢᠯᠳᠥᠬᠦᠯᠥᠨ ᠠᠷᠠᠮᠨᠠᠶᠢᠯᠠᠵᠦ᠂ ᠭᠠᠯ ᠢ ᠭᠤᠷᠪᠠ ᠲᠤᠭᠤᠷᠢᠬᠤ ᠳᠤ ᠪᠤᠰᠤᠳ ᠲᠤᠭᠤᠨᠤᠳᠤ ᠲᠠᠶᠢᠬᠤ ᠳᠤ ᠢᠷᠡᠭᠰᠡᠳ ᠲᠠᠭᠠᠵᠦ ᠭᠠᠯ ᠢ ᠭᠤᠷᠪᠠ ᠤᠳᠠᠭ᠎ᠠ ᠭᠤᠷᠤᠯᠠᠳᠠᠭ᠃ ᠢᠡᠭᠬᠢᠵᠦ ᠭᠤᠷᠤᠯᠠᠵᠦ ᠪᠠᠶᠢᠬᠤ ᠳᠠᠭᠠᠨ ᠲᠤᠮᠤᠭ᠎ᠠ ᠥᠬᠡᠢ︵ᠲᠦᠢᠳᠬᠡᠷ︶ᠨᠢᠬᠡ ᠨᠢ ᠮᠤᠳᠤᠨ ᠤ ᠬᠥ᠋ ᠶᠢ ᠭᠠᠷ ᠲᠠᠭᠠᠨ ᠲᠥᠷᠬᠢᠵᠦ᠂ ᠪᠤᠰᠤᠳ ᠤᠨ ᠨᠢᠭᠤᠷ ᠲᠤ ᠬᠥ᠋ ᠲᠥᠷᠬᠢᠳᠡᠭ᠃ ᠪᠠᠰᠠ ᠬᠤᠨᠢᠨ ᠤ ᠴᠢᠨᠠᠭᠰᠠᠨ ᠬᠤᠰᠬᠢᠨᠠᠭ ᠢ ᠨᠢᠬᠡ ᠬᠦᠮᠦᠨ ᠪᠠᠷᠢᠵᠦ ᠨᠢᠬᠡ ᠨᠢᠭᠡᠨ ᠳᠦ ᠪᠡᠨ ᠬᠠᠵᠠᠭᠤᠯᠳᠠᠭ᠂ ᠬᠤᠰᠬᠢᠨᠠᠭ ᠬᠠᠵᠠᠬᠤ ᠬᠦᠮᠦᠨ ᠡᠷᠬᠡᠪᠰᠢ ᠬᠤᠰᠬᠢᠨᠠᠭ ᠢ ᠲᠥᠷᠬᠡᠨ ᠬᠤᠷᠳᠤᠴᠠ ᠪᠠᠷ ᠲᠡᠭᠰᠢ ᠪᠠᠷ ᠲᠠᠰᠤ ᠬᠠᠵᠠᠬᠤ ᠬᠡᠷᠡᠭᠳᠠᠢ ᠪᠠᠶᠢᠳᠠᠭ᠃ ᠬᠤᠨᠢᠨ ᠤ ᠬᠤᠰᠬᠢᠨᠠᠭ ᠢ ᠬᠠᠵᠠᠵᠦ ᠴᠢᠳᠠᠭᠰᠠᠨ ᠥᠬᠡᠢ ᠪᠤᠯ ᠬᠤᠨᠢᠨ ᠤ ᠬᠤᠰᠬᠢᠨᠠᠭ ᠢᠶᠠᠷ ᠢᠶᠠᠨ ᠲᠡᠷᠡ ᠬᠦᠮᠦᠨ ᠤ ᠲᠠᠷᠢᠬᠢ ᠤᠷᠤᠭᠤ ᠡᠷᠬᠢᠬᠦᠯᠦᠨ ᠰᠢᠪᠬᠠᠳᠠᠳᠠᠭ᠃ ᠲᠤᠭᠤᠨᠤᠳᠤ ᠲᠠᠶᠢᠬᠤ ᠨᠠᠶᠢᠷ ᠨᠢ ᠨᠤᠴᠤᠵᠦ ᠪᠠᠶᠢᠭᠰᠠᠨ ᠮᠤᠳᠤ ᠤᠷᠤᠭᠤ ᠰᠢᠷ᠎ᠠ ᠲᠤᠰᠤ ᠪᠠᠷ ᠥᠯᠢᠶᠡᠬᠦ᠂ ᠮᠤᠳᠤᠨ ᠤ ᠬᠦ᠋ ᠪᠠᠷ ᠨᠢᠭᠤᠷ ᠨᠢᠭᠤᠷ ᠲᠠᠭᠠᠨ ᠲᠥᠷᠬᠢᠯᠴᠡᠬᠦ᠂ ᠬᠤᠰᠬᠢᠨᠠᠭ ᠬᠠᠵᠠᠭᠤᠯᠬᠤ᠂ ᠬᠤᠰᠬᠢᠨᠠᠭ ᠬᠠᠵᠠᠵᠦ ᠴᠢᠳᠠᠭᠰᠠᠨ ᠥᠬᠡᠢ ᠪᠤᠯ ᠬᠤᠰᠬᠢᠨᠠᠭ ᠢᠶᠠᠷ ᠨᠢᠭᠤᠷ ᠢ ᠨᠢ ᠰᠢᠪᠬᠠᠳᠠᠬᠤ ᠵᠡᠷᠬᠡ ᠨᠠᠭᠠᠳᠤᠮ ᠤᠳ ᠲᠤᠭᠤᠨᠤᠳᠤ ᠲᠠᠶᠢᠵᠦ ᠪᠠᠶᠢᠭᠰᠠᠨ ᠠᠶᠢᠯ ᠳᠤ ᠬᠦᠷ ᠬᠦᠭᠵᠢᠶᠡᠨ ᠲᠠᠢ ᠶᠠᠪᠤᠭᠳᠠᠳᠠᠭ᠃ ᠲᠤᠭᠤᠨᠤᠳᠤ ᠲᠠᠶᠢᠬᠤ ᠳᠤ ᠢᠷᠡᠭᠰᠡᠨ ᠬᠦᠮᠦᠨ ᠤᠯᠠᠨ᠂ ᠨᠠᠶᠢᠷ ᠨᠢ ᠬᠦᠭᠵᠢᠶᠡᠨ ᠲᠠᠢ ᠶᠠᠪᠤᠭᠳᠠᠪᠠᠯ ᠡᠨᠡ ᠠᠶᠢᠯ ᠤᠨ ᠭᠠᠯ ᠭᠤᠯᠤᠮᠳᠠ ᠪᠠᠳᠠᠷᠠᠨ ᠬᠦᠭᠵᠢᠵᠦ᠂ ᠥᠷ᠎ᠠ ᠬᠡᠤᠬᠡᠳ ᠨᠢ ᠡᠪᠡᠳᠴᠢᠨ ᠲᠠᠬᠤᠯ ᠥᠬᠡᠢ ᠥᠰᠥᠨ ᠪᠤᠶᠢᠵᠢᠵᠦ᠂ ᠪᠦᠬᠦ ᠬᠡᠷ ᠢᠶᠠᠷ ᠢᠶᠠᠨ ᠰᠠᠶᠢᠨ ᠰᠠᠶᠢᠬᠠᠨ ᠪᠡᠯᠬᠡ ᠲᠡᠮᠪᠡᠷᠢᠯ ᠲᠠᠢ ᠥᠬᠡᠳᠡᠯᠡᠨ ᠮᠠᠨᠳᠤᠵᠦ᠂ ᠬᠡᠤᠬᠡᠳ ᠤᠨ ᠲᠤᠭᠤᠨᠤᠳᠤ ᠶᠢ ᠲᠠᠶᠢᠭᠰᠠᠨ ᠠᠴᠠ ᠭᠠᠯ ᠭᠤᠯᠤᠮᠳᠠ ᠨᠢ ᠮᠠᠨᠳᠤᠨ ᠬᠦᠭᠵᠢᠵᠦ ᠠᠳᠤᠭᠤ ᠮᠠᠯ ᠨᠢ ᠥᠨᠢᠷ ᠥᠰᠴᠤ᠂ ᠪᠦᠬᠦ ᠬᠡᠷ ᠢᠶᠠᠷ ᠢᠶᠠᠨ ᠵᠤᠯ ᠵᠢᠷᠭᠠᠯᠳᠠᠢ ᠠᠮᠢᠳᠤᠷᠠᠬᠤ ᠶᠢᠨ ᠪᠡᠯᠬᠡ ᠲᠠᠮᠳᠡᠭ ᠶᠤᠮ᠃

 ᠲᠤᠭᠤᠨᠤᠳᠤ ᠲᠠᠶᠢᠵᠦ ᠪᠠᠷᠠᠭᠰᠠᠨ ᠤ ᠰᠡᠬᠦᠯ ᠳᠤ ᠬᠡᠤᠬᠡᠳ ᠤᠨ ᠬᠤᠶᠢᠳᠤᠬᠢ ᠶᠢ ᠪᠢᠴᠢᠬᠠᠨ ᠢᠰᠡᠭᠡᠢ ᠤᠭᠤᠳᠠᠨ ᠳᠤ ᠬᠢᠵᠦ᠂ ᠤᠭᠤᠲᠠᠨ ᠲᠤᠳᠤᠷ᠎ᠠ ᠨᠢ ᠲᠠᠷᠢᠶ᠎ᠠ᠂ ᠲᠠᠪᠤᠨ ᠥᠡᠭᠭᠡ ᠶᠢᠨ ᠲᠤᠷᠭ᠎ᠠ ᠲᠤᠷᠳᠤᠩ᠂ ᠲᠠᠪᠤᠨ ᠥᠡᠭᠭᠡ ᠶᠢᠨ ᠴᠢᠯᠠᠭᠤ᠂ ᠵᠤᠭᠤᠰ ᠮᠥᠡᠭᠬᠦ᠂ ᠡᠷᠳᠡᠨᠢ ᠶᠢᠨ ᠵᠦᠢᠯ ᠵᠡᠷᠬᠡ ᠶᠢ ᠬᠢᠵᠦ᠂ ᠤᠯᠠᠭᠠᠨ ᠤᠳᠠᠰᠤ ᠪᠤᠶᠤ ᠡᠭᠡᠷᠡᠭᠰᠡᠨ ᠲᠡᠮᠡᠭᠡᠨ ᠨᠣᠣᠰᠣᠨ ᠤᠲᠠᠰᠤ ᠪᠠᠷ ᠤᠶᠠᠭᠠᠳ ᠨᠢᠬᠡ ᠳᠤ᠂ ᠲᠤᠭᠤᠨᠤᠳᠤ ᠲᠠᠶᠢᠭᠰᠠᠨ ᠭᠠᠵᠠᠷ ᠲᠠᠷᠤᠢ ᠡᠬᠡ ᠶᠢᠨ ᠬᠡᠪᠡᠯᠢ ᠠᠴᠠ ᠤᠨᠠᠭᠰᠠᠨ ᠤᠷᠤᠨ ᠤ ᠲᠤᠤᠷ᠎ᠠ ᠲᠠᠯ᠎ᠠ ᠳᠤ ᠪᠤᠯᠠᠳᠠᠭ᠃ ᠬᠤᠶᠠᠷ ᠲᠤ᠂ ᠬᠡᠷ ᠤᠨ ᠭᠠᠳᠠᠨ᠎ᠠ  ᠠᠷᠢᠭᠤᠨ ᠭᠠᠵᠠᠷ ᠲᠤ ᠪᠤᠯᠠᠳᠠᠭ᠃ ᠭᠤᠷᠪᠠ ᠳᠤ᠂ ᠭᠠᠳᠠᠨ᠎ᠠ ᠲᠥᠯᠥᠭᠰᠡᠨ ᠭᠠᠯ ᠤᠨ ᠠᠷᠭᠠᠯ ᠤᠨ ᠥᠨᠡᠰᠥ ᠠᠷᠢᠭᠤᠨ ᠬᠡᠵᠦ ᠥᠨᠡᠰᠥᠨ ᠳᠤ ᠪᠤᠯᠠᠳᠠᠭ᠃ ᠤᠨᠴᠠᠭᠠᠢᠯᠠᠨ ᠴᠡᠬᠡᠷᠯᠡᠬᠦ ᠨᠢ ᠬᠡᠤᠬᠡᠳ ᠤᠨ ᠬᠤᠶᠢᠳ᠋ᠤᠬᠢ ᠶᠢ ᠭᠤᠤᠯ ᠤᠰᠤ᠂ ᠪᠤᠯᠠᠭ ᠤᠨ ᠡᠬᠢ ᠤᠢᠷᠠᠯᠴᠠᠭ᠎ᠠ ᠪᠤᠯᠠᠵᠦ ᠪᠤᠯᠬᠤ ᠥᠬᠡᠢ ᠮᠥᠷᠳᠡᠭᠡᠨ ᠬᠦᠳᠡᠭᠡ ᠬᠠᠶᠠᠳᠠᠭ ᠥᠬᠡᠢ᠂ ᠬᠦᠮᠦᠨ ᠤ ᠮᠥᠷ ᠭᠠᠵᠠᠷ ᠬᠠᠶᠠᠬᠤ ᠪᠤᠶᠤ ᠪᠤᠯᠠᠵᠦ ᠪᠤᠯᠬᠤ ᠥᠬᠡᠢ᠂ ᠡᠷᠬᠡᠪᠰᠢ ᠨᠢᠬᠡ ᠲᠤᠬᠤᠢ ᠠᠴᠠ ᠲᠤᠤᠷ᠎ᠠ ᠭᠠᠵᠠᠷ ᠲᠤ ᠪᠤᠯᠠᠳᠠᠭ᠃ ᠬᠡᠤᠬᠡᠳ ᠤᠨ ᠲᠥᠷᠥᠭᠰᠡᠨ ᠨᠤᠳᠤᠭ ᠲᠤᠭᠤᠨᠤᠳᠤ ᠶᠢ ᠲᠠᠬᠢᠭᠰᠠᠨ ᠭᠠᠵᠠᠷ ᠢ ᠬᠦᠮᠦᠨ ᠤ ᠲᠤᠭᠤᠨᠤᠳᠤ ᠨᠤᠳᠤᠭ ᠭᠡᠳᠡᠭ᠃ ᠲᠤᠭᠤᠨᠤᠳᠤ ᠲᠠᠶᠢᠭᠰᠠᠨ ᠭᠠᠵᠠᠷ ᠤᠨ ᠰᠢᠷᠤᠢ ᠠᠴᠠ ᠨᠢᠬᠡ ᠪᠠᠭ᠎ᠠ ᠰᠢᠷᠤᠢ ᠠᠪᠴᠤ ᠪᠦᠰ ᠢᠶᠠᠷ ᠪᠠᠭᠯᠠᠨ ᠤᠶᠤᠵᠤ ᠬᠡᠤᠬᠡᠳ ᠤᠨ ᠲᠠᠷᠢᠬᠢ ᠪᠠᠭ︵ᠲᠤᠯᠤᠭᠠᠢ ᠶᠢᠨ ᠤᠢᠷᠠᠯᠴᠠᠭ᠎ᠠ︶ ᠲᠤ ᠥᠯᠥᠬᠡᠢ ᠲᠤᠳᠤᠷ᠎ᠠ ᠲᠠᠯᠪᠢᠵᠦ ᠬᠡᠤᠬᠡᠳ ᠤᠨ ᠠᠮᠤᠷ ᠮᠡᠨᠳᠤ ᠥᠰᠥᠨ ᠪᠤᠶᠢᠵᠢᠬᠤ ᠶᠢ ᠪᠡᠯᠡᠭᠯᠡᠵᠦ ᠪᠠᠶᠢᠳᠠᠭ᠃ ᠬᠡᠤᠬᠡᠳ ᠲᠤᠮᠤ ᠪᠤᠯᠵᠦ ᠤᠨᠳᠤᠤ ᠨᠤᠳᠤᠭ ᠲᠤ ᠶᠠᠪᠤᠪᠠᠯ ᠲᠠᠷᠡ ᠰᠢᠷᠤᠢ ᠪᠠᠨ ᠠᠪᠤᠭᠠᠳ ᠶᠠᠪᠤᠳᠠᠭ᠂ ᠪᠠᠰᠠ ᠪᠡᠶ᠎ᠠ ᠳᠡᠭᠡᠨ ᠵᠡᠬᠦᠵᠦ ᠶᠠᠪᠤᠳᠠᠭ ᠴᠤ ᠪᠤᠢ᠃ ᠬᠡᠤᠬᠡᠳ ᠤᠨ ᠲᠤᠭᠤᠨᠤᠳᠤ ᠲᠠᠶᠢᠬᠤ ᠨᠢ ᠬᠡᠤᠬᠡᠳ ᠲᠤ ᠭᠠᠢ ᠪᠠᠷᠴᠢᠳ ᠥᠬᠡᠢ ᠲᠠᠷᠤᠢ ᠡᠪᠡᠳᠴᠢᠨ ᠲᠠᠬᠤᠯ ᠥᠬᠡᠢ ᠲᠤᠷᠨᠢᠨ ᠥᠰᠴᠤ᠂ ᠤᠷᠳᠤ ᠨᠠᠰᠤᠯᠠᠵᠦ ᠤᠳᠠᠭᠠᠨ ᠵᠢᠷᠭᠠᠬᠤ ᠶᠢᠨ ᠪᠡᠯᠭᠡ ᠲᠡᠮᠳᠡᠭ ᠶᠤᠮ᠂ ᠪᠠᠰᠠ ᠲᠤᠭᠤᠨᠤᠳᠤ ᠲᠠᠶᠢᠬᠤ ᠬᠡᠯᠪᠡᠷᠢ ᠪᠠᠷ ᠬᠡᠷ ᠤᠷᠤᠨ ᠢᠶᠠᠨ ᠭᠠᠯ ᠢᠶᠠᠷ ᠤᠳᠤᠵᠦ ᠴᠡᠪᠡᠷᠯᠡᠵᠦ᠂ ᠬᠦᠬᠡ ᠲᠡᠭᠷᠢ ᠬᠦᠷᠦᠰᠦᠳᠤ ᠠᠯᠳᠠᠨ ᠲᠡᠯᠡᠬᠡᠢ ᠶᠢ ᠠᠷᠢᠭᠤᠳᠬᠠᠨ ᠲᠠᠬᠢᠵᠦ ᠪᠠᠶᠢᠭ᠎ᠠ ᠲᠠᠬᠢᠯᠭ᠎ᠠ ᠪᠤᠯᠬᠤᠷ ᠠᠷᠢᠭᠤᠨ ᠴᠡᠪᠡᠷ ᠭᠠᠯ ᠤᠨ ᠠᠷᠢᠭᠤᠳᠬᠠᠯ ᠤᠬᠢᠶᠠᠯ ᠤᠨ ᠲᠠᠬᠢᠯᠭ᠎ᠠ ᠶᠢᠨ ᠬᠡᠯᠪᠡᠷᠢ ᠪᠤᠯᠤᠨ᠎ᠠ᠃ ᠡᠶᠢᠮᠤ ᠠᠴᠠ ᠲᠤᠭᠤᠨᠤᠳᠤ ᠲᠠᠶᠢᠬᠤ ᠶᠢ ᠪᠤᠷᠢᠶᠠᠳ ᠮᠤᠩᠭᠤᠯᠴᠤᠳ ᠲᠦᠢᠯ ᠢᠶᠠᠷ ᠬᠦᠨᠳᠤᠳᠭᠡᠨ ᠥᠵᠡᠵᠦ ᠪᠠᠶᠢᠭᠰᠠᠨ᠃

ᠲᠤᠮᠳᠠᠳᠤ ᠤᠯᠤᠰ ᠤᠨ ᠪᠤᠷᠢᠶᠠᠳᠴᠤᠳ《ᠰᠤᠶᠤᠯ ᠤᠨ  ᠬᠤᠪᠢᠰᠬᠠᠯ》 ᠤᠨ ᠡᠮᠤ‍ᠨᠡᠬᠡᠨ ᠪᠣᠯᠲᠠᠯ᠎ᠠ ᠲᠤᠭᠤᠨᠤᠳᠤ ᠲᠠᠶᠢᠵᠦ ᠪᠠᠶᠢᠭᠰᠠᠨ᠃ ᠤᠷᠤᠰ ᠲᠠᠬᠢ ᠪᠤᠷᠢᠶᠠᠳᠴᠤᠳ ᠮᠥᠨ 20  ᠵᠠᠭᠤᠨ ᠤ 30-40 ᠤᠨ ᠤ ᠥᠶ᠎ᠠ ᠪᠤᠯᠳᠠᠯ᠎ᠠ ᠲᠤᠭᠤᠨᠤᠳᠤ ᠲᠠᠶᠢᠵᠦ ᠪᠠᠶᠢᠭᠰᠠᠨ᠃ ᠡᠶᠢᠮᠤ ᠠᠴᠠ ᠪᠤᠷᠢᠶᠠᠳ ᠮᠤᠩᠭᠤᠯᠴᠤᠳ ᠲᠤᠭᠤᠨᠤᠳᠤ ᠲᠠᠶᠢᠬᠤ ᠶᠢ ᠬᠦᠨᠳᠤᠳᠬᠡᠨ ᠥᠵᠡᠵᠦ 《ᠲᠤᠭᠤᠨᠤᠳᠤ ᠨᠤᠳᠤᠭ》ᠬᠡᠰᠡᠨ ᠠᠯᠳᠠᠷᠳᠤ ᠲᠠᠭᠤᠤ ᠲᠠᠢ ᠴᠤ ᠪᠠᠶᠢᠭᠰᠠᠨ ᠶᠤᠮ᠃

 

 


   :                    
   :           
备案序号:蒙ICP备05003250号 公安备案15010502000173