ᠵᠤᠬᠢᠶᠠᠭᠴᠢ:
ᠴᠠᠭ:2025-01-03
ᠥᠵᠡᠭᠰᠡᠨ : ℃
ᠢᠷᠡᠯᠲᠡ: ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ
ᠡᠮᠡᠭᠳᠡᠶᠢᠴᠦᠳ ᠤᠨ ᠮᠠᠯᠠᠭᠠᠢ ᠴᠢᠬᠢᠪᠴᠢ ᠡᠮᠦᠰᠬᠦ ᠶᠤᠰᠤᠨ
ᠡᠮᠡᠭᠳᠡᠶᠢᠴᠦᠳ ᠤᠨ ᠡᠮᠦᠰᠬᠦ ᠮᠠᠯᠠᠭᠠᠢ ᠴᠢᠬᠢᠪᠴᠢ ᠳᠤ ᠡᠷᠡᠭᠳᠡᠶᠢᠴᠦᠳ ᠤᠨ ᠡᠮᠦᠰᠬᠦ ᠮᠠᠯᠠᠭᠠᠢ ᠳᠤ ᠪᠠᠶᠢᠳᠠᠭ ᠦᠭᠡᠢ ᠶᠤᠰᠤ ᠭᠤᠷᠢᠮ ᠴᠡᠭᠡᠷ ᠬᠤᠷᠢᠭ᠎ᠠ ᠭᠠᠳᠠᠨ᠎ᠠ ᠬᠡᠤᠬᠡᠨ ᠬᠦᠮᠦᠨ ᠪᠠ ᠡᠬᠡᠨᠡᠷ ᠬᠦᠮᠦᠨ ᠤ ᠮᠠᠯᠠᠭᠠᠢ ᠬᠡᠯᠪᠡᠷᠢ ᠶᠠᠩᠵᠦ ᠬᠡᠭᠡᠨᠴᠢᠷ ᠭᠤᠶᠤ ᠶᠢᠨ ᠬᠤᠪᠢ ᠳᠤ ᠲᠤᠳᠤᠷᠬᠠᠢ ᠢᠯᠭᠠᠭ᠎ᠠ ᠲᠠᠢ ᠪᠠᠶᠢᠳᠠᠭ᠃ ᠬᠡᠤᠬᠡᠨ ᠬᠦᠮᠦᠨ ᠤᠯᠠᠩᠭᠢ ᠳᠠᠭᠠᠨ ᠮᠠᠯᠠᠭᠠᠢ ᠡᠮᠦᠰᠳᠡᠭ ᠵᠠᠩᠰᠢᠯ ᠦᠭᠡᠢ᠃ ᠭᠡᠪᠡᠴᠦ ᠵᠠᠷᠢᠮ ᠬᠤᠰᠢᠭᠤ ᠨᠤᠲᠤᠭ ᠤᠨ ᠬᠡᠤᠬᠡᠨᠴᠦᠳ ᠡᠪᠦᠯ ᠤᠯᠠᠭᠠᠨ ᠰᠠᠮᠫᠠᠨ ᠤᠷᠤᠢ ᠲᠠᠢ᠂ ᠤᠯᠠᠭᠠᠨ ᠨᠤᠭᠤᠭᠠᠨ ᠬᠤᠷᠭᠤᠢ ᠪᠠᠷ ᠴᠢᠮᠡᠭᠰᠡᠨ ᠢᠰᠡᠭᠡᠢ ᠲᠤᠭᠤᠷᠴᠤᠭ ᠡᠮᠦᠰᠴᠦ᠂ ᠵᠤᠨ ᠬᠤᠷᠭᠤᠢ ᠲᠤᠷᠭᠠᠨ ᠲᠤᠭᠤᠷᠴᠤᠭ ᠪᠤᠶᠤ ᠶᠠᠤᠳᠠᠨ ᠮᠠᠯᠠᠭᠠᠢ ᠡᠮᠦᠰᠳᠡᠭ ᠵᠠᠩᠰᠢᠯ ᠲᠠᠢ᠃ ᠬᠡᠤᠬᠡᠨ ᠬᠦᠮᠦᠨ ᠡᠪᠦᠯ ᠤᠨ ᠬᠦᠢᠲᠡᠨ ᠳᠤ ᠪᠠᠷᠤᠭ ᠬᠦᠦ ᠬᠦᠮᠦᠨ ᠰᠢᠭ ᠬᠤᠪᠴᠠᠯᠠᠨ ᠬᠦᠳᠡᠯᠮᠦᠷᠢ ᠠᠵᠢᠯ ᠳᠤ ᠭᠠᠪᠰᠢᠭᠠᠶᠢᠯᠠᠨ ᠤᠷᠤᠯᠴᠠᠳᠠᠭ᠃ ᠬᠡᠤᠬᠡᠨ ᠬᠦᠮᠦᠨ ᠬᠠᠷᠢ ᠳᠤ ᠮᠤᠷᠳᠠᠨ ᠬᠠᠳᠠᠮ ᠤᠨ ᠭᠠᠵᠠᠷ ᠬᠦᠷᠴᠦ᠂ ᠬᠦᠷᠭᠡᠨ ᠳᠤ ᠤᠴᠢᠨ ᠬᠦᠮᠦᠨ ᠤ ᠪᠡᠷᠢ ᠪᠤᠯᠤᠭᠰᠠᠨ ᠤ ᠳᠠᠷᠠᠭ᠎ᠠ ᠴᠡᠴᠡᠭ ᠨᠠᠪᠴᠢ ᠶᠢᠨ ᠬᠠᠳᠬᠤᠮᠠᠯ ᠲᠠᠢ᠂ ᠬᠤᠷᠭᠤᠢ ᠵᠠᠰᠠᠷ ᠢᠶᠠᠷ ᠬᠦᠪᠡᠭᠡᠯᠡᠵᠦ ᠴᠢᠮᠡᠭᠰᠡᠨ ᠤᠯᠠᠭᠠᠨ ᠰᠠᠮᠫᠠᠨ ᠵᠠᠯᠠᠭ᠎ᠠ ᠲᠠᠢ ᠲᠤᠭᠤᠢ ᠮᠠᠯᠠᠭᠠᠢ ᠡᠮᠦᠰᠬᠦ ᠪᠤᠶᠤ ᠴᠡᠴᠡᠭ ᠨᠠᠪᠴᠢ ᠶᠢᠨ ᠬᠠᠳᠬᠤᠮᠠᠯ ᠲᠠᠢ ᠴᠢᠬᠢᠪᠴᠢ ᠵᠡᠭᠦᠭᠦ ᠶᠤᠰᠤ ᠲᠠᠢ᠃ ᠡᠭᠦᠨ ᠳᠤ ᠲᠤᠯᠤᠭᠠᠢ ᠳᠠᠭᠠᠨ ᠰᠠᠯᠠᠭ᠎ᠠ ᠭᠡᠵᠢᠭᠡ ᠶᠢᠨ ᠵᠠᠰᠠᠯ ᠲᠠᠢ ᠪᠤᠯ ᠳᠤᠭᠤᠢ ᠮᠠᠯᠠᠭᠠᠢ ᠡᠮᠦᠰᠴᠦ᠂ ᠱᠠᠩᠬᠤ ᠵᠠᠰᠠᠯ ᠲᠠᠢ ᠪᠤᠯ ᠴᠢᠬᠢᠪᠴᠢ ᠵᠡᠭᠦᠳᠡᠭ᠃ ᠴᠢᠬᠢᠪᠴᠢ ᠶᠢ ᠬᠦᠳᠡᠭᠡ ᠭᠠᠳᠠᠭ᠎ᠠ ᠬᠦᠢᠲᠡᠨ ᠳᠤ ᠴᠢᠬᠢ ᠪᠠᠨ ᠳᠤᠯᠠᠭᠠᠯᠠᠬᠤ ᠭᠡᠵᠦ ᠵᠡᠭᠦᠭᠦ ᠠᠴᠠ ᠪᠢᠰᠢ ᠭᠡᠷ ᠲᠤ ᠵᠡᠭᠦᠳᠡᠭ ᠦᠭᠡᠢ᠂ ᠡᠶᠢᠮᠦ ᠠᠴᠠ ᠭᠡᠷ ᠲᠤ ᠤᠷᠤᠮᠠᠭᠴᠠ ᠴᠢᠬᠢᠪᠴᠢ ᠪᠠᠨ ᠠᠪᠳᠠᠭ ᠶᠤᠰᠤ ᠲᠠᠢ᠃ ᠲᠤᠭᠤᠢ ᠮᠠᠯᠠᠭᠠᠢ ᠪᠤᠯ ᠡᠬᠡᠨᠡᠷ ᠬᠦᠮᠦᠨ ᠤ ᠲᠦᠷᠦ ᠶᠢᠨ ᠳᠦᠷᠪᠡᠨ ᠡᠳ᠋ᠯᠡᠯ ᠤᠨ ᠨᠢᠭᠡ ᠪᠤᠯᠬᠤᠷ ᠪᠠᠶᠠᠷ ᠶᠤᠰᠤᠯᠠᠯ ᠤᠨ ᠲᠠᠯᠠᠪᠤᠷ ᠲᠤ᠂ ᠠᠪᠤ ᠡᠵᠢ ᠠᠬᠠᠰ ᠵᠠᠬᠠᠰ ᠤᠨ ᠳᠡᠷᠭᠡᠲᠡ ᠵᠠᠪᠠᠯ ᠡᠮᠦᠰᠳᠡᠭ ᠶᠤᠰᠤ ᠲᠠᠢ᠃ ᠬᠡᠵᠢᠶ᠎ᠡ ᠵᠤᠴᠢᠨ ᠮᠤᠷᠳᠠᠵᠤ᠂ ᠠᠪᠤ ᠡᠵᠢ ᠶᠢᠨ ᠭᠡᠷ ᠠᠴᠠ ᠤᠬᠤᠷᠢᠨ ᠭᠠᠷᠴᠤ ᠠᠰ ᠤᠨ ᠭᠡᠷ ᠲᠡᠭᠡᠨ ᠤᠷᠤᠪᠠᠯ ᠮᠠᠯᠠᠭᠠᠢ ᠪᠠᠨ ᠠᠪᠴᠤ ᠪᠤᠯᠳᠠᠭ᠃ ᠮᠠᠯᠠᠭᠠᠢ ᠴᠢᠬᠢᠪᠴᠢ ᠶᠢ ᠦᠨᠳᠦᠷ ᠲᠤ ᠡᠯᠭᠦᠬᠦ ᠪᠤᠶᠤ ᠲᠤᠰᠬᠠᠢ ᠬᠠᠶᠢᠷᠴᠠᠭ ᠲᠤ ᠬᠢᠵᠦ ᠲᠠᠯᠪᠢᠳᠠᠭ᠃ ᠳᠤᠷ᠎ᠠ ᠲᠠᠪᠠ ᠪᠠᠷ ᠢᠶᠠᠨ ᠠᠳᠡ ᠲᠡᠨᠳᠡ ᠬᠠᠶᠠᠵᠤ ᠪᠤᠯᠳᠠᠭ ᠦᠭᠡᠢ᠂ ᠢᠯᠠᠩᠭᠤᠶ᠎ᠠ ᠦᠮᠦᠳᠦ ᠭᠤᠲᠤᠯ ᠲᠠᠢ ᠤᠶᠢᠷᠠᠲᠤᠭᠤᠯᠬᠤ ᠶᠢ ᠴᠢᠩᠭ᠎ᠠ ᠴᠡᠭᠡᠷᠯᠡᠳᠡᠭ᠃ ᠲᠤᠯᠤᠭᠠᠢ ᠶᠢᠨ ᠵᠠᠰᠠᠯ ᠵᠡᠭᠦᠪᠡᠯ ᠰᠠᠮᠫᠠᠨ ᠵᠠᠯᠠᠭ᠎ᠠ ᠪᠦᠴᠡ ᠲᠠᠢ ᠲᠤᠭᠤᠢ ᠮᠠᠯᠠᠭᠠᠢ ᠡᠮᠦᠰᠳᠡᠭ ᠶᠤᠰᠤ ᠲᠠᠢ᠃ ᠱᠠᠩᠬᠤ ᠵᠠᠰᠠᠯ ᠳᠤ ᠮᠠᠯᠠᠭᠠᠢ ᠡᠮᠦᠰᠳᠡᠭ ᠦᠭᠡᠢ᠃