ᠵᠤᠬᠢᠶᠠᠭᠴᠢ:
ᠴᠠᠭ:2025-01-10
ᠥᠵᠡᠭᠰᠡᠨ : ℃
ᠢᠷᠡᠯᠲᠡ: ᠤᠯᠠᠭᠠᠨᠬᠠᠳᠠ ᠬᠤᠲᠠ ᠶᠢᠨ ᠠᠷᠠᠳ ᠤᠨ ᠵᠠᠰᠠᠭ ᠤᠨ ᠣᠷᠳᠤᠨ ᠤ
ᠤᠳᠤᠷ ᠪᠠᠭᠤᠳᠠᠯ
ᠮᠣᠩᠭᠤᠯᠴᠣᠣᠳ ᠵᠢᠯ ᠤᠨ ᠭᠤᠷᠪᠠᠨ ᠤᠯᠠᠷᠢᠯ ᠳᠤ ᠨᠡᠭᠦᠳᠡᠯᠯᠡᠨ ᠮᠠᠯᠵᠢᠭᠠᠳ᠂ ᠡᠪᠦᠯ ᠤᠨ ᠤᠯᠠᠷᠢᠯ ᠪᠤᠯᠬᠤ ᠳᠤ ᠡᠪᠦᠯᠵᠢᠶᠡᠨ ᠳᠡᠭᠡᠨ ᠬᠠᠷᠢᠵᠤ ᠡᠪᠦᠯᠵᠢᠳᠡᠭ ᠵᠠᠩᠰᠢᠯ ᠲᠠᠢ᠃
ᠬᠠᠪᠤᠷᠵᠢᠶ᠎ᠠ᠄ ᠤᠰᠤ ᠪᠡᠯᠴᠢᠭᠡᠷ ᠂ ᠬᠠᠪᠤᠷ ᠡᠷᠳᠡ ᠨᠤᠭᠤᠭ᠎ᠠ ᠭᠠᠷᠳᠠᠭ᠂ ᠨᠦᠮᠦᠷᠢ ᠡᠩᠬᠡᠷ ᠭᠠᠵᠠᠷ ᠢ ᠰᠤᠩᠭᠤᠨ ᠮᠤᠩᠭᠤᠯ ᠭᠡᠷ ᠢᠶᠠᠨ ᠪᠤᠰᠬᠠᠨ᠂ ᠳᠦᠭᠦᠮ ᠭᠦᠷᠢᠶ᠎ᠡ ᠬᠠᠰᠢᠶ᠎ᠠ ᠮᠠᠯᠵᠢᠳᠠᠭ᠃
ᠵᠤᠰᠠᠯᠠᠩ᠄ ᠤᠰᠤ ᠪᠡᠯᠴᠢᠭᠡᠷ ᠰᠠᠶᠢᠨ᠂ ᠦᠶᠡᠷ ᠤᠷᠤᠰᠬᠠᠯ ᠠᠴᠠ ᠭᠤ᠂ ᠦᠨᠳᠦᠷ ᠳᠤᠪᠤᠷᠴᠠᠭ ᠭᠠᠵᠠᠷ ᠢ ᠰᠤᠩᠭᠤᠵᠤ ᠮᠤᠩᠭᠤᠯ ᠭᠡᠷ ᠢᠶᠠᠨ ᠪᠤᠰᠬᠠᠨ᠂ ᠳᠦᠭᠦᠮ ᠰᠡᠷᠢᠭᠦᠨ ᠰᠠᠷᠠᠪᠴᠢ ᠭᠦᠷᠢᠶ᠎ᠡ ᠪᠠᠷᠢᠵᠤ ᠵᠤᠰᠠᠳᠠᠭ᠃
ᠨᠠᠮᠤᠷᠵᠢᠶ᠎ᠠ᠄ ᠡᠪᠡᠰᠤ ᠪᠡᠯᠴᠢᠭᠡᠷ ᠰᠠᠶᠢᠷᠡᠭ᠂ ᠢᠯᠠᠭ᠎ᠠ ᠪᠠᠳᠠᠭᠠᠨ᠎ᠠ ᠴᠦᠭᠡᠨ ᠦᠨᠳᠦᠷᠯᠢᠭ ᠰᠡᠷᠢᠭᠦᠨ ᠭᠠᠵᠠᠷ ᠢ ᠰᠤᠩᠭᠤᠵᠤ ᠤᠳᠤᠷ ᠰᠠᠭᠤᠷᠢᠨ ᠪᠠᠶᠢᠭᠤᠯᠵᠤ ᠮᠠᠯᠵᠢᠳᠠᠭ᠃
ᠡᠪᠦᠯᠵᠢᠶ᠎ᠡ᠄ ᠤᠤᠯ ᠨᠢ ᠡᠪᠦᠯᠵᠢᠶ᠎ᠡ ᠳᠤ ᠭᠤᠤᠯᠳᠠᠭᠤ ᠪᠠᠶᠢᠰᠢᠩ ᠭᠡᠷ᠂ ᠪᠦᠮᠪᠦᠭᠡ ᠭᠡᠷ᠂ ᠭᠦᠷᠦᠯᠴᠡᠭᠦ᠋ᠢᠴᠡ ᠫᠧᠩ ᠰᠠᠷᠠᠪᠴᠢ᠂ ᠬᠤᠷᠤᠭ᠎ᠠ ᠬᠠᠰᠢᠶ᠎ᠠ ᠲᠠᠢ ᠪᠠᠶᠢᠳᠠᠭ᠃ ᠭᠡᠷ ᠤᠨ ᠬᠤᠷᠤᠭ᠎ᠠ᠂ ᠦᠭᠡᠷ ᠤᠨ ᠬᠠᠰᠢᠶ᠎ᠠ᠂ ᠢᠮᠠᠭᠠᠨ ᠤ ᠬᠠᠰᠢᠶ᠎ᠠ᠂ ᠳᠤᠭᠤᠯ ᠤᠨ ᠬᠠᠰᠢᠶ᠎ᠠ᠂ ᠡᠪᠡᠰᠦᠨ ᠬᠠᠰᠢᠶ᠎ᠠ᠂ ᠮᠤᠷᠢ ᠡᠯᠵᠢᠭᠡᠨ ᠰᠠᠷᠠᠪᠴᠢ ᠵᠡᠷᠭᠡ ᠳᠦᠷᠦᠯ ᠳᠡᠰ ᠢᠶᠠᠷ ᠨᠢ ᠬᠤᠪᠢᠶᠠᠵᠤ ᠬᠤᠪᠢ ᠬᠤᠪᠢᠨ ᠳᠤᠨᠢ ᠠᠷᠠᠴᠢᠯᠠᠳᠠᠭ᠃
ᠬᠠᠪᠤᠷ ᠵᠤᠨ ᠨᠠᠮᠤᠷ ᠭᠤᠷᠪᠠᠨ ᠤᠯᠠᠷᠢᠯ ᠨᠡᠭᠦᠳᠡᠯᠯᠡᠨ ᠮᠠᠯᠵᠢᠳᠠᠭ ᠤᠨ ᠭᠤᠤᠯ ᠵᠤᠷᠢᠯᠭ᠎ᠠ ᠨᠢ ᠮᠠᠯ ᠢᠶᠠᠨ ᠳᠠᠷᠭᠤ ᠭᠦᠴᠦ ᠰᠠᠶᠢᠨ ᠠᠪᠤᠭᠤᠯᠵᠤ᠂ ᠤᠰᠤᠨ ᠳᠠᠷᠭᠤ᠂ ᠳᠤᠰᠤᠨ ᠳᠠᠷᠭᠤ ᠶᠢᠨ ᠰᠠᠭᠤᠷᠢ ᠶᠢ ᠰᠠᠶᠢᠨ ᠳᠠᠯᠪᠢᠵᠤ᠂ ᠡᠪᠦᠯᠵᠢᠶᠡᠨ ᠤ ᠪᠡᠯᠴᠢᠭᠡᠷ ᠡᠪᠡᠰᠤ ᠶᠢ ᠬᠠᠮᠠᠭᠠᠯᠠᠵᠤ ᠮᠠᠯ ᠢᠶᠠᠨ ᠰᠠᠶᠢᠨ ᠤᠨᠳᠤᠷᠤᠭᠤᠯᠬᠤ ᠶᠢᠨ ᠲᠦᠯᠦᠭᠡ ᠶᠤᠮ᠃