ᠵᠤᠬᠢᠶᠠᠭᠴᠢ:
ᠴᠠᠭ:2025-01-24
ᠥᠵᠡᠭᠰᠡᠨ : ℃
ᠢᠷᠡᠯᠲᠡ: ᠦᠬᠠᠢ ᠬᠤᠲᠠ ᠶᠢᠨ ᠠᠷᠠᠳ ᠤᠨ ᠵᠠᠰᠠᠭ ᠤᠨ ᠣᠷᠳᠣᠨ
ᠠᠶᠠᠭ᠎ᠠ
ᠮᠣᠩᠭᠤᠯ ᠬᠦᠮᠦᠨ ᠠᠶᠠᠭ᠎ᠠ ᠦᠭᠡᠢ ᠪᠣᠯ ᠠᠮᠣ ᠦᠭᠡᠢ ᠲᠠᠢ ᠠᠳᠠᠯᠢ ᠭᠡᠳᠡᠭ᠃ ᠠᠯᠳᠠ ᠳᠡᠯᠢᠮ ᠬᠠᠳᠠᠭ ᠤᠨ ᠳᠡᠭᠡᠷ᠎ᠡ ᠮᠦᠩᠭᠦᠨ ᠠᠶᠠᠭ᠎ᠠ ᠲᠠᠢ ᠰᠦ ᠮᠡᠯᠳᠡᠯᠵᠡᠬᠦᠯᠦᠨ ᠪᠠᠷᠢᠵᠣ ᠪᠠᠶᠢᠭᠠᠳ᠂ ᠰᠠᠶᠢᠨ ᠰᠠᠶᠢᠬᠠᠨ ᠢ ᠢᠷᠦᠬᠡᠵᠦ ᠮᠠᠭᠳᠠᠨ᠎ᠠ᠃《ᠠᠶᠠᠭᠠᠨ ᠤ ᠬᠠᠷᠢᠭᠤ ᠡᠳᠦᠷ ᠲᠡᠭᠡᠨ᠂ ᠠᠭᠳᠠᠨ ᠤ ᠬᠠᠷᠢᠭᠤ ᠵᠢᠯ ᠳᠡᠭᠡᠨ》ᠬᠡᠵᠦ ᠢᠷᠡᠭᠡᠳ ᠯᠡ ᠪᠢᠳᠡ ᠬᠤᠶᠢᠳᠣ ᠣᠷᠢᠳ ᠤᠨ ᠢᠶᠠᠨ ᠪᠣᠳᠣᠵᠣ᠂ ᠨᠢᠬᠡ ᠨᠢᠬᠡᠨ ᠳᠡᠭᠡᠨ ᠳᠣᠰᠠ ᠳᠡᠮ ᠪᠣᠯᠣᠨ᠎ᠠ᠃《ᠠᠶᠠᠭᠠᠨ ᠤ ᠠᠯᠠᠭ ᠮᠠᠭᠤᠬᠠᠢ᠂ ᠠᠭᠳᠠᠨ ᠤ ᠠᠯᠠᠭ ᠰᠠᠶᠢᠬᠠᠨ》ᠭᠡᠳ ᠶᠡᠭᠡ ᠪᠠᠭ᠎ᠠ᠂ ᠡᠷ᠎ᠡ ᠡᠮ᠎ᠡ᠂ ᠡᠷᠳᠡᠮ ᠨᠣᠮ ᠲᠠᠢ ᠬᠡᠨ ᠪᠣᠯᠭᠠᠨ ᠢ ᠠᠳᠠᠯᠢᠬᠠᠨ ᠦᠵᠡᠵᠦ᠂ ᠬᠦᠮᠦᠨ ᠤ ᠮᠦᠰᠦ ᠲᠠᠢ ᠵᠠᠩ ᠭᠠᠷᠭᠠᠵᠣ ᠪᠠᠶᠢᠬᠤ ᠶᠢ ᠵᠠᠬᠢᠵᠣ ᠰᠣᠷᠭᠠᠳᠠᠭ᠃ ᠦᠬᠢᠨ ᠢ ᠨᠢ ᠮᠣᠷᠳᠠᠭᠤᠯᠵᠣ ᠠᠪᠬᠤ ᠪᠠᠷ ᠢᠷᠡᠭᠰᠡᠨ ᠬᠦᠷᠬᠡᠨ ᠬᠦᠦ ᠳᠡᠭᠡᠨ ᠬᠠᠳᠠᠮ ᠡᠵᠢ ᠨᠢ᠂ ᠴᠠᠭᠠᠨ ᠰᠦ ᠶᠢᠨ ᠦᠩᠭᠡᠳᠡᠢ ᠴᠠᠮᠴᠠ ᠡᠮᠦᠰᠭᠡᠵᠦ《ᠦᠪᠡᠷ ᠤᠨ ᠬᠦᠮᠦᠨ ᠪᠣᠯᠭᠠᠵᠣ ᠠᠪᠣᠭᠠᠳ》ᠠᠮᠢᠳᠣᠷᠠᠯ ᠤᠨ ᠬᠢᠨᠢ ᠠᠶᠠᠨ ᠵᠠᠮ ᠳᠤ ᠠᠵᠠ ᠵᠢᠷᠭᠠᠯ ᠢᠷᠦᠭᠡᠵᠦ᠂ ᠠᠶᠠᠭ᠎ᠠ ᠲᠠᠢ ᠰᠦ᠂ ᠬᠠᠳᠠᠭ ᠲᠠᠢ ᠪᠠᠷᠢᠳᠠᠭ᠃ ᠢᠩᠭᠢᠬᠦ ᠳᠤ ᠬᠦᠷᠬᠡᠨ ᠬᠦᠦ᠂ ᠡᠬᠡᠨᠡᠷ ᠪᠣᠯᠬᠤ ᠪᠦᠰᠡᠬᠦᠢ ᠲᠠᠢ ᠪᠠᠨ ᠬᠤᠪᠢᠶᠠᠵᠣ ᠣᠣᠭᠤᠭᠠᠳ᠂ ᠠᠶᠠᠭ᠎ᠠ ᠶᠢ ᠨᠢ ᠡᠪᠦᠷᠳᠦᠯᠡᠨ《ᠴᠠᠭᠠᠨ ᠴᠣᠬᠤᠷ》 ᠤᠨ ᠲᠦᠷᠡᠯᠬᠡ ᠪᠠᠷ᠂ ᠡᠬᠡᠨᠡᠷ ᠢᠶᠠᠨ ᠣᠷᠣ ᠳᠡᠷᠡ᠂ ᠠᠪᠳᠠᠷ᠎ᠠ ᠰᠠᠪᠠ ᠲᠠᠢ ᠨᠢ ᠠᠪᠣᠭᠠᠳ ᠬᠤᠷᠢᠮ ᠢᠶᠠᠨ ᠡᠬᠢᠯᠡᠬᠦ ᠪᠠᠷ ᠭᠠᠷᠳᠠᠭ᠃ ᠠᠯᠤᠰ ᠬᠤᠯᠠ ᠶᠠᠪᠣᠬᠤ ᠬᠦᠮᠦᠨ ᠦᠳᠡᠨ ᠮᠣᠷᠳᠠᠭᠤᠯᠤᠭᠰᠠᠳ ᠲᠠᠭᠠᠨ᠂ ᠲᠦᠬᠦᠷᠡᠩ ᠵᠢᠷᠭᠠᠯ ᠲᠠᠢ᠂ ᠲᠦᠪᠰᠢᠨ ᠪᠠᠶᠠᠷ ᠲᠠᠢ ᠪᠠᠶᠢᠵᠠᠭᠠᠬᠤ ᠶᠢ ᠪᠡᠯᠭᠡᠳᠡᠨ᠂ ᠠᠶᠠᠭᠠᠨ ᠳᠠᠭᠠᠨ ᠴᠠᠢ ᠲᠦᠬᠦᠷᠡᠩ ᠪᠣᠷᠬᠠᠨ ᠳᠠᠭᠠᠨ ᠵᠠᠯᠠᠵᠣ ᠣᠷᠬᠢᠭᠠᠳ ᠮᠣᠷᠳᠠᠨ᠎ᠠ᠃ ᠳᠠᠷᠠᠭ᠎ᠠ ᠨᠢ ᠭᠡᠷ ᠤᠨ ᠬᠢᠨ ᠨᠢ ᠬᠤᠪᠢᠶᠠᠵᠣ ᠣᠣᠭᠤᠨ᠎ᠠ᠃ ᠵᠣᠴᠢᠨ ᠳᠤ ᠰᠡᠳᠡᠷᠬᠡᠢ ᠪᠣᠯᠣᠨ ᠬᠤᠭᠤᠰᠣᠨ ᠠᠶᠠᠭ᠎ᠠ ᠬᠠᠨᠳᠣᠭᠤᠯᠬᠤ ᠦᠭᠡᠢ᠂ ᠴᠠᠢ ᠬᠤᠭᠤᠯᠠ ᠪᠠᠨ ᠵᠠᠪᠠᠯ ᠠᠶᠠᠭᠠᠯᠠᠵᠣ ᠦᠭᠬᠦᠨ᠎ᠡ᠃ ᠠᠶᠠᠭᠠᠯᠠᠬᠤ ᠳᠠᠭᠠᠨ ᠴᠠᠢ ᠶᠢᠨ ᠡᠷᠬᠢᠬᠦᠯᠬᠡ ᠶᠢ ᠨᠠᠷᠠ ᠵᠦᠪ ᠳᠣᠭᠤᠷᠢᠭᠤᠯᠵᠣ ᠬᠢᠨ᠎ᠡ᠃ ᠦᠭᠬᠦ ᠳᠡᠭᠡᠨ ᠦᠷᠦᠭᠡᠰᠦᠨ ᠪᠣᠶᠣ ᠰᠣᠯᠣᠭᠠᠢ ᠭᠠᠷ ᠢᠶᠠᠷ ᠢᠶᠠᠨ ᠦᠭᠬᠦ᠂ ᠠᠮᠰᠠᠷᠳᠠᠨ ᠪᠠᠷᠢᠵᠣ ᠦᠭᠬᠦ ᠶᠢ ᠴᠡᠭᠡᠷᠯᠡᠨ᠎ᠡ᠃ ᠮᠦᠨ ᠪᠠᠭᠠᠨ᠎ᠠ ᠶᠢᠨ ᠬᠤᠭᠤᠷᠤᠨᠳᠤᠭᠤᠷ ᠴᠠᠢ ᠬᠤᠭᠤᠯᠠ ᠦᠭᠬᠦ ᠬᠤᠷᠢᠭ᠎ᠠ ᠴᠡᠭᠡᠷ ᠲᠠᠢ ᠪᠠᠶᠢᠳᠠᠭ᠃ ᠠᠶᠠᠭᠠᠨ ᠳᠤ ᠰᠢᠭᠠᠷᠣ ᠦᠯᠡᠳᠡᠭᠡᠳᠡᠭ ᠦᠭᠡᠢ᠂ ᠴᠠᠭᠠᠨ ᠢᠳᠡᠭᠡ ᠤᠤᠭᠤᠵᠣ ᠢᠳᠡᠭᠰᠡᠨ ᠪᠣᠯ ᠠᠶᠠᠭ᠎ᠠ ᠪᠠᠨ ᠳᠣᠯᠢᠶᠠᠵᠣ ᠳᠠᠯᠪᠢᠨ᠎ᠠ᠃ ᠠᠶᠠᠭ᠎ᠠ ᠶᠢ ᠬᠦᠮᠦᠷᠢᠵᠣ ᠳᠠᠯᠪᠢᠳᠠᠭ ᠦᠭᠡᠢ᠂ ᠠᠶᠠᠭᠠᠨ ᠳᠡᠭᠡᠬᠦᠷ ᠠᠯᠬᠤᠳᠠᠭ ᠦᠭᠡᠢ᠂ ᠠᠯᠢ ᠳᠠᠭᠠᠷᠠᠯᠳᠣᠭᠰᠠᠨ ᠭᠠᠵᠠᠷ ᠢᠶᠠᠨ ᠬᠤᠷᠢᠶᠠᠳᠠᠭ ᠦᠭᠡᠢ᠂ ᠠᠶᠠᠭᠠᠨ ᠤ ᠰᠢᠷᠡᠭᠡ ᠭᠡᠵᠦ ᠰᠢᠷᠭᠤᠭᠤᠯ ᠲᠠᠢ ᠰᠢᠷᠡᠭᠡ ᠳᠣᠰ ᠲᠠᠭᠠᠨ ᠪᠠᠶᠢᠨ᠎ᠠ᠃ ᠬᠦᠮᠦᠨ ᠪᠣᠯᠭᠠᠨ ᠴᠥᠮ ᠦᠪᠡᠷ ᠤᠨ ᠠᠶᠠᠭ᠎ᠠ ᠲᠠᠢ᠂ ᠬᠡᠤᠬᠡᠨ ᠬᠦᠷᠲᠡᠯ᠎ᠡ ᠦᠮᠴᠢᠯᠡᠭᠰᠡᠨ ᠠᠶᠠᠭ᠎ᠠ ᠲᠠᠢ᠂ ᠦᠪᠡᠷ ᠤᠨ ᠢᠶᠠᠨ ᠠᠶᠠᠭᠠᠨ ᠳᠤ ᠣᠣᠭᠤᠨ᠎ᠠ᠂ ᠬᠦᠮᠦᠨ ᠤ ᠠᠶᠠᠭᠠᠨ ᠳᠤ ᠣᠣᠭᠤᠬᠤ ᠦᠭᠡᠢ᠃ ᠠᠯᠣᠰ ᠬᠤᠯᠠ ᠶᠠᠪᠣᠪᠠᠯ ᠵᠠᠪᠠᠯ ᠠᠶᠠᠭ᠎ᠠ ᠪᠠᠨ ᠪᠡᠶ᠎ᠡ ᠳᠡᠭᠡᠨ ᠠᠪᠴᠣ ᠶᠠᠪᠤᠨ᠎ᠠ᠃ ᠠᠯᠴᠢᠭᠤᠷ ᠲᠤ ᠣᠷᠢᠶᠠᠵᠣ ᠭᠤᠶᠣᠮᠰᠤᠭ ᠭᠡ ᠲᠠᠢ ᠳᠠᠯᠢᠩ ᠳᠤ ᠬᠢᠵᠦ ᠪᠦᠰᠡᠨ ᠳᠡᠭᠡᠨ ᠬᠠᠪᠴᠢᠭᠤᠯᠵᠣ ᠭᠤᠶᠣᠨ᠎ᠠ᠃ ᠠᠶᠠᠭ᠎ᠠ ᠪᠠᠷ ᠣᠯᠠᠨ ᠶᠠᠭᠤᠮ᠎ᠠ ᠪᠡᠯᠭᠡᠳᠡᠵᠦ ᠰᠢᠨᠵᠢᠨ᠎ᠡ᠃ ᠠᠶᠠᠭ᠎ᠠ ᠴᠣᠪᠣᠷᠠᠵᠣ ᠳᠠᠯᠪᠢᠭᠳᠠᠭᠰᠠᠨ ᠪᠠᠶᠢᠪᠠᠯ ᠳᠣᠳᠣᠷ᠎ᠠ ᠨᠡᠬᠦᠳᠡᠯ ᠬᠢᠬᠦ ᠨᠢ ᠭᠡᠨ᠎ᠡ᠂ ᠠᠶᠠᠭᠠᠨ ᠳᠠᠬᠢ ᠪᠠᠷ ᠨᠢ ᠠᠶᠢᠯ ᠤᠨ ᠪᠡᠯᠡ ᠪᠠᠨᠴᠢᠩ ᠢ ᠦᠨᠡᠯᠡᠨ᠎ᠡ᠂ ᠠᠶᠠᠭᠠᠯᠠᠭᠰᠠᠨ ᠢᠶᠠᠷ ᠨᠢ ᠠᠶᠢᠯ ᠤᠨ ᠠᠪᠠᠭᠠᠢ ᠶᠢ ᠳᠠᠨᠢᠨ᠎ᠠ᠃ ᠠᠶᠠᠭ᠎ᠠ ᠭᠡᠭᠴᠢ ᠠᠯᠠᠭᠠᠨ ᠳᠤ ᠳᠣᠭᠳᠠᠳᠠᠭ ᠦᠴᠦᠬᠡᠨ ᠵᠦᠢᠯ ᠳᠤ ᠪᠢᠳᠡᠨ ᠤ ᠡᠪᠦᠭᠡ ᠲᠠᠢ᠃