ᠵᠤᠬᠢᠶᠠᠭᠴᠢ:
ᠴᠠᠭ:2025-02-07
ᠥᠵᠡᠭᠰᠡᠨ : ℃
ᠢᠷᠡᠯᠲᠡ: ᠬᠠᠭᠤᠴᠢᠨ ᠪᠠᠷᠭᠤ ᠬᠤᠰᠢᠭᠤᠨ ᠤ ᠠᠷᠠᠳ ᠤᠨ ᠵᠠᠰᠠᠭ ᠤᠨ ᠤᠷᠳᠤᠨ
ᠮᠤᠩᠭᠤᠯ ᠳᠡᠪᠡᠯ ᠤᠨ ᠨᠡᠷᠡᠶᠢᠳᠦᠯ
ᠮᠤᠩᠭᠤᠯ ᠦᠨᠳᠦᠰᠦᠲᠡᠨ ᠤ ᠠᠵᠤ ᠠᠮᠢᠳᠤᠷᠠᠯ᠂ ᠤᠷᠴᠢᠨ ᠲᠤᠭᠤᠷᠢᠨ ᠳᠤ ᠲᠤᠬᠢᠷᠠᠬᠤ ᠡᠨᠡ ᠬᠦ ᠬᠤᠪᠴᠠᠰᠤ ᠶᠢ ᠮᠤᠩᠭᠤᠯᠴᠤᠳ ᠡᠭᠦᠳᠴᠦ᠂ ᠡᠮᠦᠰᠴᠦ ᠡᠳ᠋ᠯᠡᠳᠡᠭ ᠪᠤᠯᠬᠤᠷ ᠦᠭᠡᠷ᠎ᠡ ᠬᠤᠪᠴᠠᠰᠤ ᠠᠴᠠ ᠢᠯᠭᠠᠭᠳᠠᠬᠤ ᠢᠷᠡᠯ ᠭᠠᠷᠤᠯ ᠢᠶᠠᠷ ᠨᠢ ᠮᠤᠩᠭᠤᠯ ᠳᠡᠪᠡᠯ ᠭᠡᠵᠦ ᠨᠡᠷᠡᠯᠡᠳᠡᠭ᠃ ᠮᠤᠩᠭᠤᠯ ᠳᠡᠪᠡᠯ ᠢ ᠳᠠᠶᠠᠭᠠᠷ ᠮᠤᠩᠭᠤᠯᠴᠤᠳ ᠤᠨ ᠬᠡᠪᠰᠢᠭᠰᠡᠨ ᠬᠡᠯᠡᠯᠭᠡ ᠪᠠᠷ ᠪᠤᠯ ᠪᠦᠳᠦᠭᠦᠨ ᠬᠤᠨᠢᠨ ᠠᠷᠠᠰᠤ ᠪᠠᠷ ᠦᠩᠭᠡ ᠴᠠᠭᠠᠨ ᠬᠢᠭᠰᠡᠨ ᠪᠤᠶᠤ ᠪᠦᠳᠦᠭᠦᠨ ᠬᠤᠨᠢᠨ ᠤ ᠠᠷᠠᠰᠤ ᠪᠠᠷ ᠳᠤᠲᠤᠷᠯᠠᠵᠤ ᠬᠢᠭᠰᠡᠨ ᠢ ᠳᠡᠪᠡᠯ ᠭᠡᠵᠦ᠂ ᠲᠤᠷᠭ᠎ᠠ ᠪᠤᠶᠤ ᠪᠦᠰ ᠢᠶᠠᠷ ᠬᠦᠪᠦᠩ ᠲᠠᠢ ᠪᠤᠶᠤ ᠬᠠᠪᠰᠤᠮᠠᠯ ᠬᠢᠭᠰᠡᠨ ᠢ ᠲᠡᠷᠯᠢᠭ ᠭᠡᠳᠡᠭ᠃ ᠲᠡᠪᠡᠯ ᠢ ᠭᠠᠳᠠᠷ ᠲᠠᠢ ᠲᠡᠪᠡᠯ ᠪᠠ ᠭᠠᠳᠠᠷ ᠦᠭᠡᠢ ᠲᠡᠪᠡᠯ ᠭᠡᠵᠦ ᠬᠤᠶᠡᠷ ᠵᠦᠢᠯ ᠬᠤᠪᠢᠶᠠᠳ᠋ᠠᠭ᠃ ᠭᠠᠳᠠᠷ ᠲᠠᠢ ᠳᠡᠪᠡᠯ ᠤᠨ ᠨᠢᠮᠭᠡᠨ ᠰᠢᠭ ᠦᠰᠦ ᠲᠠᠢ ᠶᠢ ᠨᠢ ᠪᠠᠰᠠ ᠵᠤᠪᠴᠠᠭ᠎ᠠ ᠭᠡᠳᠡᠭ᠃ ᠵᠤᠪᠴᠠᠭ᠎ᠠ ᠶᠢ ᠭᠤᠤᠯᠳᠠᠭᠤ ᠦᠰᠦ ᠬᠦᠷᠦᠰᠦ ᠨᠢᠮᠭᠡᠨ ᠠᠷᠠᠰᠤ ᠪᠠᠷ ᠬᠢᠵᠤ ᠭᠠᠳᠠᠷᠯᠠᠳᠠᠭ᠃ ᠭᠠᠳᠠᠷ ᠦᠭᠡᠢ ᠳᠡᠪᠡᠯ ᠢ ᠤᠯᠠᠩᠬᠢ ᠳᠤ ᠪᠠᠨ ᠠᠷᠠᠰᠤᠨ ᠳᠡᠪᠡᠯ ᠭᠡᠳᠡᠭ᠃ ᠠᠷᠠᠰᠤᠨ ᠳᠡᠪᠡᠯ ᠳᠤ ᠪᠠᠰᠠ ᠨᠡᠬᠡᠢ ᠳᠡᠪᠡᠯ᠂ ᠦᠵᠦᠭᠦᠷᠰᠡᠭ ᠳᠡᠪᠡᠯ᠂ ᠬᠠᠯᠴᠠᠭᠠᠢ ᠠᠷᠠᠰᠤᠨ ᠳᠡᠪᠡᠯ᠂ ᠢᠯᠬᠢᠨ ᠳᠡᠪᠡᠯ᠂ ᠬᠦᠳᠦᠰᠦᠨ ᠳᠡᠪᠡᠯ ᠭᠡᠵᠦ ᠪᠠᠶᠢᠳᠠᠭ᠃ ᠨᠡᠬᠡᠢ ᠠᠷᠠᠰᠤᠨ ᠳᠡᠪᠡᠯ ᠳᠤ ᠪᠠᠰᠠ ᠦᠩᠭᠡ ᠴᠠᠭᠠᠨ ᠪᠠ ᠤᠳᠤᠮᠠᠯ ᠭᠡᠵᠦ ᠪᠠᠶᠢᠳᠠᠭ᠃ ᠦᠩᠭᠡ ᠴᠠᠭᠠᠨ ᠳᠡᠪᠡᠯ ᠢ ᠵᠠᠷᠢᠮ ᠭᠠᠵᠠᠷ ᠪᠠᠰᠠ ᠴᠠᠭᠠᠮᠠᠯ ᠳᠡᠪᠡᠯ ᠭᠡᠳᠡᠭ᠃
ᠤᠲᠤᠭ᠎ᠠ ᠪᠠᠷ ᠤᠳᠤᠵᠤ ᠰᠢᠷᠠᠯᠠᠭᠤᠯᠤᠭᠰᠠᠨ ᠢ ᠤᠲᠤᠮᠠᠯ ᠠᠷᠠᠰᠤᠨ ᠳᠡᠪᠡᠯ ᠭᠡᠳᠡᠭ᠃ ᠪᠦᠰ᠂ ᠲᠤᠷᠭ᠎ᠠ ᠪᠠᠷ ᠳᠠᠩ ᠬᠢᠭᠰᠡᠨ ᠢ ᠨᠢ ᠴᠠᠮᠴᠠ ᠭᠡᠳᠡᠭ᠃ ᠡᠭᠦᠨ ᠠᠴᠠ ᠭᠠᠳᠠᠨ᠎ᠠ ᠭᠠᠵᠠᠷ ᠨᠤᠲᠤᠭ ᠤᠨ ᠬᠡᠯᠡᠯᠭᠡ ᠶᠢᠨ ᠢᠯᠭᠠᠭ᠎ᠠ ᠪᠠᠷ ᠨᠢ ᠳᠡᠪᠡᠯ᠂ ᠲᠡᠷᠯᠢᠭ᠂ ᠫᠠᠩᠬᠤ᠂ ᠯᠠᠪᠰᠢᠭ᠂ ᠦᠴᠢ᠂ ᠫᠢᠯᠠ ᠭᠡᠬᠦ ᠮᠡᠲᠦ ᠪᠠᠷ ᠨᠡᠷᠡᠯᠡᠳᠡᠭ᠃
ᠮᠤᠩᠭᠤᠯ ᠳᠡᠪᠡᠯ ᠳᠤ ᠪᠠᠰᠠ ᠬᠦᠨᠳᠦᠳᠭᠡᠯ ᠨᠡᠷ᠎ᠡ ᠭᠡᠵᠦ ᠪᠠᠶᠢᠳᠠᠭ᠃ ᠬᠡᠤᠬᠡᠳ ᠤᠨ ᠳᠡᠪᠡᠯ ᠢ ᠪᠠᠷᠢᠨᠳᠠᠭ ᠪᠠᠷᠢᠨᠢᠶᠠ᠂ ᠵᠤᠨ ᠤ ᠡᠮᠦᠰᠬᠦ ᠳᠡᠪᠡᠯ ᠢ ᠵᠢᠷᠢᠭ᠃ ᠡᠮᠡᠭᠳᠡᠶᠢᠴᠦᠳ ᠤᠨ ᠳᠤᠲᠤᠷ ᠡᠮᠦᠰᠬᠦ ᠳᠠᠩ ᠴᠠᠮᠴᠠ ᠶᠢ ᠲᠤᠳᠤᠭᠤᠵᠢ᠃ ᠶᠡᠭᠡ ᠬᠦᠨᠳᠦᠲᠦ ᠬᠦᠮᠦᠰ ᠤᠨ ᠳᠡᠪᠡᠯ ᠢ ᠨᠠᠪᠰᠠ ᠭᠡᠬᠦ ᠮᠡᠲᠦ ᠪᠠᠷ ᠨᠡᠷᠡᠯᠡᠳᠡᠭ᠃ ᠮᠤᠩᠭᠤᠯ ᠳᠡᠪᠡᠯ ᠤᠨ ᠡᠭᠦᠰᠦᠯ ᠭᠠᠷᠤᠯ ᠤᠨ ᠲᠤᠬᠠᠢ《ᠮᠤᠩᠭᠤᠯ ᠤᠨ ᠵᠠᠩ ᠠᠭᠠᠯᠢ ᠶᠢᠨ ᠦᠢᠯᠡᠪᠦᠷᠢ》ᠭᠡᠬᠦ ᠨᠤᠮ ᠳᠤ《ᠡᠬᠢᠯᠡᠨ ᠨᠠᠮ᠎ᠠ ᠬᠡᠮᠡᠬᠦ ᠶᠠᠭᠤᠮ᠎ᠠ ᠪᠠᠷ ᠪᠡᠶ᠎ᠡ ᠪᠠᠨ ᠤᠷᠢᠶᠠᠵᠤ ᠶᠠᠪᠤᠪᠠᠢ᠃ ᠲᠡᠭᠦᠨᠦ︵ᠲᠡᠭᠦᠨ ᠤ︶ᠬᠤᠵᠢᠮ ᠵᠠᠭᠠᠮ᠎ᠠ ᠬᠢᠵᠦ ᠬᠤᠶᠠᠷ ᠡᠩᠭᠡᠷ ᠢ ᠤᠭᠤᠰᠤᠷ ᠢᠶᠠᠷ ᠬᠤᠯᠪᠤᠵᠤ ᠤᠶᠠᠭᠠᠳ ᠡᠮᠦᠰᠴᠦ ᠪᠠᠶᠢᠪᠠᠢ᠃
ᠲᠡᠭᠦᠨᠦ︵ᠲᠡᠭᠦᠨ ᠤ︶ᠬᠤᠵᠢᠮ ᠮᠡᠳᠡᠯ ᠨᠡᠭᠡᠭᠡᠭᠳᠡᠨ ᠳᠡᠪᠡᠯ ᠭᠡᠬᠦ ᠬᠦᠮᠦᠨ ᠤ ᠪᠡᠶ᠎ᠡ ᠠᠳᠠᠯᠢ ᠮᠠᠶ᠋ᠢᠭᠲᠠᠢ ᠪᠤᠯᠭᠠᠵᠤ ᠵᠠᠭᠠᠮ᠎ᠠ ᠬᠠᠨᠴᠤ︵ᠬᠠᠨᠴᠤᠢ︶᠂ ᠰᠤᠭᠤ᠂ ᠤᠨᠤᠭᠤ ᠭᠠᠷᠭᠠᠵᠤ ᠪᠠᠰᠠ ᠤᠭᠤᠰᠤᠷ ᠬᠠᠳᠠᠵᠤ ᠤᠶᠠᠭᠠᠳ ᠡᠮᠦᠰᠴᠦ ᠪᠠᠶᠢᠪᠠ᠃ ᠲᠡᠭᠦᠨ ᠤ ᠬᠤᠵᠢᠮ ᠤᠨ ᠴᠠᠭ ᠲᠦᠪᠡᠳ ᠤᠨ ᠰᠠᠷᠠᠩᠽᠠᠨ ᠺᠠᠮᠪᠤᠸᠠ ᠬᠠᠭᠠᠨ ᠤ ᠦᠶ᠎ᠡ ᠠᠴᠠ ᠳᠡᠪᠡᠯ ᠬᠤᠪᠴᠠᠰᠤ ᠳᠡᠭᠡᠷ᠎ᠡ ᠲᠤᠪᠴᠢ ᠰᠢᠯᠪᠢ ᠬᠠᠳᠠᠵᠤ ᠵᠠᠭᠠᠮ᠎ᠠ ᠡᠩᠭᠡᠷ ᠢ ᠳᠠᠭᠠᠵᠤ ᠴᠦᠮ ᠲᠤᠪᠴᠢᠯᠠᠭᠤᠷ ᠲᠠᠢ ᠳᠡᠪᠡᠯ ᠬᠢᠵᠦ ᠡᠮᠦᠰᠴᠦ ᠪᠠᠶᠢᠪᠠ》ᠭᠡᠵᠦ ᠲᠡᠮᠲᠡᠭᠯᠡᠵᠡᠢ᠃